ᠠᠪᠤ ᠢᠮᠠᠭᠠᠬᠠᠢ ᠬᠤᠶᠠᠷ
ᠨᠡᠶᠢᠲᠡᠯᠡᠭᠰᠡᠨ ᠴᠠᠭ᠄
2024/2/21
   ᠠᠪᠤ ᠬᠡᠷ ᠪᠠᠷᠠᠭ᠎ᠠ ᠨᠡᠬᠦᠯᠬᠡᠬᠦ᠂ ᠲᠡᠮᠡᠭᠡ ᠬᠤᠮᠨᠠᠬᠤ ᠠᠴᠢᠶᠠᠯᠠᠬᠤ ᠠᠴᠠ ᠡᠬᠢᠯᠡᠭᠡᠳ ᠪᠦᠬᠦ᠋ᠢᠯᠡ ᠬᠠᠷ᠎ᠠ ᠪᠤᠷᠤ ᠠᠵᠢᠯ ᠢ ᠪᠠᠷᠠᠭᠤᠨ ᠡᠪᠦᠳᠦᠭ ᠪᠠᠰᠠ ᠰᠤᠭᠤ ᠲᠠᠢ ᠪᠠᠨ ᠬᠠᠮᠵᠢᠨ᠂ ᠶᠡᠷᠤ ᠡᠷᠭᠡᠳᠡᠨ ᠬᠦᠢᠴᠡᠳ ᠲᠤᠷᠵᠢ ᠭᠤᠸᠠᠢ ᠠᠴᠠ ᠢᠯᠡᠬᠦᠦ ᠭᠢᠳᠡᠭ ᠲᠤ ᠪᠢ ᠶᠡᠭᠡᠳᠡ ᠭᠠᠶᠢᠬᠠᠨ᠎ᠠ᠃ ᠲᠡᠭᠡᠭᠡᠳ ᠬᠤᠶᠠᠷ ᠭᠠᠷ ᠤᠨ ᠪᠢᠷ᠎ᠠ ᠲᠡᠩᠭᠡᠭᠡ ᠶᠢ᠂ ᠦᠯᠡᠳᠡᠭᠰᠡᠨ ᠭᠠᠭᠴᠨ ᠭᠠᠷ ᠨᠢ ᠤᠷᠤᠯᠠᠵᠤ ᠬᠤᠴᠤᠷᠴᠤ ᠳ᠋ᠠ ᠬᠡᠵᠤ ᠪᠤᠳᠤᠬᠤᠶ᠎ᠠ ᠁ ᠠᠪᠤ ᠮᠢᠨᠢ ᠲᠠᠶᠢᠨ ᠳᠤ ᠶᠠᠪᠤᠵᠤ ᠦᠷᠦᠭᠡᠰᠦᠨ ᠭᠠᠷ ᠲᠠᠢ ᠪᠤᠯᠤᠭ᠎ᠠ ᠦᠬᠡᠢ ᠰᠠᠨ ᠪᠤᠯ ᠰᠤᠮᠤᠨ ᠤ ᠠᠷᠰᠯᠠᠨ ᠭᠡᠷᠡᠯ ᠢ ᠴᠤ ᠶᠠᠭᠤᠮᠠᠨ ᠴᠢᠨᠡᠭᠡᠨ ᠳᠤ ᠪᠤᠳᠤᠬᠤ ᠦᠬᠡᠢ ᠳ᠋ᠠ ᠬᠡᠮᠡᠨ ᠬᠠᠷᠠᠮᠰᠠᠬᠤ ᠶᠢᠨ ᠶᠡᠭᠡᠪᠡᠷ ᠬᠠᠷᠠᠮᠰᠠᠨ᠎ᠠ᠃ ᠵᠤᠨ ᠪᠤᠯᠬᠤ ᠪᠠᠷ ᠮᠠᠨ ᠤ ᠨᠤᠳᠤᠭ ᠤᠰᠤᠨ ᠤ ᠬᠢᠨ ᠰᠡᠷᠢᠬᠦᠨ ᠢ ᠪᠠᠷᠠᠳᠠᠠ ᠠᠭᠤᠯᠠᠨ ᠳᠠᠭᠠᠨ ᠭᠠᠷᠴᠤ ᠵᠤᠨᠰᠢᠨ᠎ᠠ᠃ ᠮᠠᠨᠠᠶᠢᠭᠢ ᠨᠢᠭᠡᠳᠦᠯ ᠤᠨ ᠴᠦᠭᠡᠨ ᠲᠡᠮᠡᠭᠡ ᠲᠠᠢ ᠠᠭᠤᠯᠠᠨ ᠳᠤ ᠨᠡᠬᠦᠳᠡᠯ ᠰᠡᠯᠬᠦᠭᠡᠳ ᠤᠳᠠᠭ᠎ᠠ ᠦᠬᠡᠢ ᠪᠠᠶᠢᠳᠠᠯ᠎ᠠ ᠨᠢᠭᠡ ᠡᠳᠦᠷ ᠬᠤᠷᠰᠢᠶᠠᠨ ᠲᠠᠷᠤᠭ᠎ᠠ ᠢᠷᠡᠵᠤ ︽ᠬᠤᠶᠢᠳᠤ ᠰᠢᠯᠢ︾᠎ ᠳᠤ ᠪᠠᠶᠢᠭ᠎ᠠ ᠠᠷᠪᠠᠨ ᠲᠡᠮᠡᠭᠡᠨ ᠨᠤᠤᠰᠤ ᠶᠢ ᠮᠠᠷᠭᠠᠰᠢ ᠬᠡᠬᠦ ᠳᠤ ᠰᠤᠮᠤᠨ ᠤ ᠲᠦᠪ ᠬᠦᠷᠭᠡᠭᠰᠡᠨ ᠪᠠᠶᠢᠬᠤ ᠲᠠᠭᠠᠭᠠᠯᠭᠠᠪᠤᠷᠢ ᠦᠭᠬᠦᠭᠡᠳ ᠪᠤᠤᠬᠢᠶ᠎ᠠ ᠠᠳᠠᠯᠢ ᠮᠤᠷᠳᠠᠨ ᠠᠯᠠᠭ᠎ᠠ ᠪᠤᠯᠪᠠ᠃ ᠠᠪᠤ ᠮᠢᠨᠢ ᠨᠠᠷᠨᠨ ᠤ ᠭᠤᠤᠯ ᠲᠠᠢ ᠳᠤ ᠲᠡᠮᠡᠭᠡ ᠮᠠᠯ ᠢᠶᠠᠨ ᠲᠦᠬᠦᠭᠦᠯᠬᠦ ᠪᠠᠷ ᠰᠠᠶ᠋ᠢᠬᠠᠨ ᠰᠤᠷᠭᠠᠭᠰᠠᠨ ᠬᠡᠭᠡᠷ ᠦᠷᠢᠶ᠎ᠠ ᠪᠠᠨ ᠤᠨᠤᠭᠠᠳ ᠶᠠᠭᠠᠷᠠᠨ ᠤᠳᠤᠯ᠎ᠠ᠃ ᠡᠵᠢ ᠰᠠᠭᠠᠯᠢ ᠳᠠᠭᠠᠨ ᠭᠠᠷᠴᠤ ᠪᠢ ᠠᠶᠢᠷᠠᠭ ᠢᠶᠠᠨ ᠬᠢᠷᠠᠮᠠᠯᠠᠵᠤ ᠪᠦᠯᠢᠵᠤ ᠡᠬᠢᠯᠡᠪᠠ᠃ ᠲᠤᠤᠷ᠎ᠠ ᠪᠦᠬᠦᠨ ᠳᠡᠭᠡᠨ ᠯᠠ ᠠᠵᠢᠯ ᠲᠠᠢ᠃ ᠦᠷᠯᠦᠭᠡᠨ ᠤ ᠰᠡᠷᠢᠬᠦᠨ ᠢᠶᠠᠷ ᠡᠷᠳᠡᠯᠡᠨ ᠪᠤᠰᠴᠤ ᠲᠤᠭᠤᠭ᠎ᠠ ᠨᠠᠷᠠᠨ᠂ ᠪᠠᠰᠠ ᠬᠡᠳᠦᠨ ᠲᠦᠯᠦᠭᠡ ᠶᠢᠨ ᠢᠶᠠᠨ ᠨᠤᠤᠰᠤ ᠠᠬᠤᠷᠯᠠᠬᠤ ᠭᠡᠳ ᠲᠠᠷᠠᠭ᠎ᠠ ᠲᠠᠷᠠᠭ᠎ᠠ ᠶᠢᠨ ᠠᠵᠢᠯ ᠮᠤᠩᠳᠠᠬᠤ ᠪᠢᠰᠢ ᠳ᠋ᠠ᠃ ᠨᠢᠭᠡ ᠮᠡᠳᠡᠬᠦ ᠳᠤ ᠰᠦᠨᠢ ᠪᠤᠯᠤᠭᠰᠠᠨ ᠪᠠᠶᠢᠪᠠ᠃ ᠬᠡᠳᠡᠯ᠎ᠠ ᠲᠡᠮᠡᠭᠡᠨ ᠳᠤ ᠶᠠᠪᠤᠭᠰᠠᠨ ᠠᠪᠤ ᠮᠢᠨᠢ ᠪᠠᠶᠢᠳᠠᠭ ᠦᠬᠡᠢ᠃ ᠡᠵᠢ ᠪᠢᠳᠠ ᠬᠤᠶᠠᠷ ᠤᠨ ᠰᠠᠨᠠᠭ᠎ᠠ ᠵᠤᠪᠠᠵᠤ ᠪᠡᠶ᠎ᠠ ᠪᠡᠶ᠎ᠠ ᠪᠠᠨ ᠬᠠᠷᠠᠨ ᠡᠬᠡᠯᠵᠢᠯᠡᠨ ᠤᠷᠤᠠ ᠭᠠᠷᠴᠤ ᠪᠠᠶᠢᠪᠠ ᠃ ᠠᠯᠤᠰ ᠲᠤ ᠲᠡᠮᠡᠭᠡ ᠭᠤᠩᠭᠠᠨᠠᠬᠤ ᠰᠤᠨᠤᠰᠳᠠᠪᠠ᠃ ᠠᠱᠢᠬᠦᠢ ᠢᠷᠡᠯ᠎ᠠ ᠬᠡᠵᠤ ᠪᠢ ᠰᠤᠮᠤ ᠰᠢᠭ᠋ ᠬᠤᠷᠳᠦᠯᠠᠨ ᠭᠠᠷᠪᠠ᠃ ᠬᠠᠷᠠᠪᠠᠯ ᠰᠠᠷᠠᠨ ᠤ ᠰᠠᠷᠠᠭᠤᠯ ᠳᠤ ᠠᠪᠤ ᠬᠡᠳᠦᠨ ᠲᠡᠮᠡᠭᠡ ᠪᠠᠨ ᠲᠠᠭᠤᠭᠰᠠᠭᠠᠷ ᠠᠶᠢᠰᠤᠢ᠃ ︽ᠶᠠᠭᠠᠭᠢᠭᠰᠠᠨ ᠬᠤᠯᠠ ᠶᠠᠪᠤᠭᠰᠠᠨ ᠭᠤᠪᠤᠷᠤᠤ︾ ᠬᠡᠵᠤ ᠡᠵᠢ ᠠᠮᠨᠨ ᠳᠠᠭᠠᠨ ᠪᠠᠪᠠᠳᠤᠨᠠᠨ ᠭᠠᠯ ᠳᠠᠭᠠᠨ ᠦᠭᠡᠷ ᠤᠨ ᠬᠠᠯᠳᠠᠷ ᠠᠷᠭᠠᠯ ᠰᠡᠯᠪᠢᠪᠠ᠃ ᠤᠳᠠᠭᠰᠠᠨ ᠴᠤ ᠦᠬᠡᠢ ᠠᠪᠤ ᠴᠢᠷᠠᠢ ᠨᠢ ᠪᠠᠷᠤᠭᠠᠷᠳᠠᠭᠤ ᠤᠷᠤᠵᠤ ᠢᠷᠡᠭᠰᠡᠨ ᠨᠢ ᠯᠠ ᠶᠢᠨ ᠭᠡᠷᠡᠯ ᠳᠤ ᠲᠤᠳᠤᠬᠠᠨ ᠬᠠᠷᠠᠭᠳᠠᠪᠠ᠃ ᠡᠵᠢ ᠴᠠᠢ ᠠᠶᠠᠭᠠᠯᠠᠬᠤ ᠶᠢᠨ ᠲᠠᠭᠠᠤ᠄ ︽ᠴᠠᠭᠠᠳᠤ ᠬᠡᠳᠤ ᠴᠢᠨᠢ ᠬᠠᠮᠢᠭ᠎ᠠ ᠨᠢ ᠶᠠᠪᠤᠨ᠎ᠠ ᠁ ᠬᠤᠵᠢᠷ ᠮᠡᠷ᠎ᠠ ᠬᠦᠭᠡᠭᠡᠭᠡᠳ ᠠᠯᠠᠭ᠎ᠠ ᠪᠤᠯᠴᠢᠬᠠᠭ᠎ᠠ ᠤᠤ︾ ᠭᠡᠪᠡᠯ ︽ᠨᠢᠭᠡ ᠶᠡᠭᠡ ᠭᠠᠪᠢᠬᠰᠠᠨ ᠴᠤ ᠶᠠᠭᠤᠮ᠎ᠠ ᠦᠬᠡᠢ ᠂ ᠬᠠᠷᠢᠨ ᠡᠨᠡ ᠮᠠᠭᠤ ᠦᠷᠢᠶ᠎ᠠ ᠲᠦᠢᠯᠠᠭᠠᠳ ᠭᠠᠷ ᠤᠨ ᠰᠢᠯᠪᠢ ᠴᠤᠭᠤᠷᠴᠢᠬᠠᠪᠠ ᠪᠤᠯᠤᠯᠳᠠᠢ᠃ ᠵᠠᠮ ᠳᠠᠭᠠᠨ ᠲᠠᠶᠠᠨ ᠬᠦᠭᠰᠢᠨ ᠤ ᠬᠢ ᠪᠠᠷ ᠤᠷᠤᠵᠤ ᠪᠤᠭᠤᠯᠭᠠᠴᠢᠬᠠᠭᠠᠳ ᠢᠷᠡᠯ᠎ᠠ︾ ᠭᠡᠪᠡ᠃ ᠡᠵᠢ ᠲᠠᠭᠤ ᠲᠠᠪᠢᠨ ᠬᠠᠯᠠᠭᠯᠠᠪᠠ᠃ ︽ᠡᠨᠡ ᠴᠤ ᠶᠠᠭᠠᠬᠢᠬᠤᠪ ᠬᠡᠳᠦᠨ ᠬᠤᠨᠤᠭ ᠠᠴᠠ ᠪᠤᠷᠤᠤᠯᠠᠨ᠎ᠠ ᠪᠢᠵᠠ᠃ ᠮᠠᠷᠭᠠᠰᠢ ᠲᠡᠮᠡᠭᠡ ᠠᠴᠢᠶᠠᠯᠠᠬᠤ ᠯᠠ ᠪᠠᠶᠢᠨ᠎ᠠ︾ ᠬᠡᠵᠤ ᠠᠪᠤ ᠭᠡᠪ ᠨᠢᠭᠡ ᠲᠤᠤᠭᠠᠷᠬᠤ ᠳᠤ᠂ ᠲᠡᠷᠡ ᠴᠤ ᠶᠠᠭᠠᠮᠠᠢ ᠬᠡᠰᠡᠨ ᠪᠠᠶᠢᠷᠢ ᠲᠠᠢ ᠡᠵᠢ ᠪᠢᠳᠠ ᠬᠤᠶᠠᠷ ᠤᠨ ᠲᠤᠳᠤᠷ᠎ᠠ ᠲᠦᠷ ᠠᠭᠤᠵᠢᠷᠠᠬᠤ ᠠᠶᠠᠳᠠᠪᠠ᠃ ᠪᠢ ᠪᠠᠭ᠎ᠠ ᠠᠴᠠ ᠪᠠᠨ ᠬᠠᠷ᠎ᠠ ᠠᠵᠢᠯ ᠳᠤ ᠲᠠᠰᠤᠭᠰᠠᠨ ᠪᠤᠯᠬᠤᠷ ᠶᠡᠷᠤ ᠲᠠᠩ ᠤᠨ ᠢᠶᠠᠨ ᠬᠡᠤᠭᠡᠳ ᠤᠳ ᠲᠤᠳᠤᠷ᠎ᠠ ᠪᠢᠷ᠎ᠠ ᠴᠢᠳᠠᠯ ᠢᠶᠠᠷ ᠠᠷᠠᠢ ᠲᠦᠩᠬᠡᠬᠦᠷ ᠬᠡᠭᠳᠡᠬᠦ ᠠᠭᠠᠳ ᠠᠪᠤ ᠮᠢᠨᠢ ᠴᠤ ᠨᠠᠮᠠᠶᠢᠢ ᠡᠰᠢ ᠲᠡᠰᠢ ᠶᠠᠪᠤᠬᠤ ᠳᠠᠭᠠᠨ ᠬᠠᠨᠢ ᠲᠠᠳᠠᠵᠤ ᠲᠠᠭᠠᠭᠤᠯᠤᠨ ᠶᠠᠪᠤᠬᠤ ᠲᠤᠷᠠᠳᠠᠢ ᠪᠠᠶᠢᠭᠰᠠᠨ ᠨᠢ ᠭᠠᠷ ᠤᠨ ᠦᠵᠦᠬᠦᠷ ᠲᠤ ᠵᠠᠷᠤᠬᠤ ᠬᠡᠰᠡᠨ ᠳᠡᠭᠡᠨ ᠪᠤᠰᠤ᠂ ᠶᠠᠭᠤᠮ᠎ᠠ ᠶᠠᠭᠤᠮ᠎ᠠ ᠶᠢᠨ ᠳ᠋ᠦᠢᠳᠡᠢ ᠪᠤᠯᠭᠠᠬᠤ ᠬᠡᠰᠡᠨ ᠳᠡᠭᠡᠨ ᠲᠡᠷᠡ ᠪᠠᠶᠢᠯ᠎ᠠ᠃ ᠪᠢᠳᠠ ᠦᠷᠯᠦᠭᠡ ᠡᠷᠳᠡᠯᠡᠨ ᠪᠤᠰᠴᠠᠭᠠᠪᠠ᠃ ᠠᠪᠤ ᠶᠢᠨ ᠭᠠᠷ ᠬᠠᠪᠤᠳᠴᠠᠢ᠃ ᠪᠢ ᠡᠵᠢ ᠲᠠᠢ ᠪᠠᠨ ᠡᠯᠪᠡᠵᠤ ᠭᠡᠳᠦᠨ ᠲᠡᠮᠡᠭᠡ ᠪᠠᠨ ᠬᠤᠮᠨᠤᠨ ᠬᠦᠳᠡᠯᠬᠦ ᠳᠡᠭᠡᠨ᠂ ᠵᠠᠮ ᠵᠠᠭᠤᠷ᠎ᠠ ᠰᠠᠨᠠᠭ᠎ᠠ ᠪᠠᠷ ᠤᠨᠠᠵᠤ ᠶᠠᠪᠤᠯ᠎ᠠ᠃ ᠶᠡᠭᠡ ᠭᠠᠷ ᠤᠨ ᠬᠤᠸᠠᠩᠰᠠ ᠠᠴᠠ ᠲᠤᠮᠤ ᠲᠠᠮᠫᠤᠤ ᠲᠠᠢ ᠨᠤᠤᠰᠤ ᠶᠠᠭᠠᠬᠢᠵᠤ ᠠᠴᠢᠨ᠎ᠠ ᠳ᠋ᠠ ᠬᠡᠰᠡᠨ ᠨᠢᠭᠡᠨ ᠪᠤᠳᠤᠯ ᠮᠢᠨᠤ ᠰᠡᠳᠬᠢᠯ ᠢ ᠵᠤᠪᠠᠭᠠᠨ᠎ᠠ᠃ ᠬᠡᠳᠡᠯ᠎ᠠ ᠠᠪᠤ ᠲᠡᠳᠦᠢ ᠯᠠ ᠲᠤᠭᠤᠭᠰᠠᠨ ᠶᠠᠩᠵᠤ ᠦᠬᠡᠢ ᠬᠠᠷᠢᠨ ᠡᠪᠡᠰᠤᠨ ᠲᠤᠯᠤᠭᠠᠢ ᠭᠠᠩᠬᠤᠳᠠᠯ᠎ᠠ ᠬᠠᠩᠬᠢᠨᠠᠳᠠᠯ᠎ᠠ ᠢᠰᠭᠡᠷᠴᠤ ᠶᠠᠪᠤᠬᠤ ᠶᠢ ᠬᠠᠷᠠᠭᠠᠳ ᠲᠦᠷᠦᠬᠦᠴᠢ ᠶᠢᠨ ᠮᠢᠨᠤ ᠪᠤᠳᠤᠯ ᠵᠠᠮᠬᠠᠷᠠᠨ ᠠᠯᠠᠭ᠎ᠠ ᠪᠤᠯᠪᠠ᠃ ᠡᠶᠢᠨᠬᠦ ᠵᠤᠭᠳᠤᠷ ᠬᠦᠳᠡᠯᠭᠡᠭᠰᠡᠭᠡᠷ ︽ᠬᠤᠶᠢᠳᠤ ᠰᠢᠯᠢ︾᠎ ᠳᠤ ᠭᠠᠷᠤᠯ᠎ᠠ᠃ ᠲᠠᠮᠫᠤᠤᠯᠠᠵᠤ ᠬᠤᠷᠢᠶᠠᠭᠰᠠᠨ ᠨᠤᠤᠰᠤᠨ ᠤ ᠲᠡᠷᠭᠡᠳᠡ ᠤᠴᠢᠵᠤ ᠲᠡᠮᠡᠭᠡ ᠪᠠᠨ ᠬᠡᠪᠳᠡᠬᠦᠯᠪᠠ᠃ ᠬᠡᠳᠡᠯ᠎ᠠ ᠠᠪᠤ ᠯᠤᠤᠶᠠ ᠭᠤᠸᠠᠢ ᠶᠢᠨ ᠬᠦᠭᠰᠢᠨ ᠤ ᠲᠠᠷᠠᠰᠤᠨ ᠲᠡᠭᠡᠷ᠎ᠠ ᠪᠠᠨ ᠠᠭᠠᠷᠤᠤᠯ ᠬᠠᠭᠰᠠᠷᠠᠭᠠᠬᠤ ᠳᠠᠭᠠᠨ ᠭᠠᠷᠴᠤ ᠵᠤᠭᠰᠤᠳᠠᠭ ︽ᠢᠮᠠᠭᠠᠬᠠᠢ︾᠎ ᠶᠢ ᠠᠪᠴᠢᠷᠠᠪᠠ᠃ ︽ᠵᠠ ᠬᠦᠦ ᠮᠢᠨᠢ ᠠᠴᠢᠭᠠᠳ ᠪᠠᠶᠢᠨ᠎ᠠ ᠳ᠋ᠠ᠂ ᠶᠠᠭᠤᠬᠠᠨ ᠪᠠᠶᠢᠬᠤᠪ᠂ ᠢᠮᠠᠭᠠᠬᠠᠢ ᠪᠠᠶᠢᠬᠤ ᠳᠤ ᠠᠯᠵᠠᠬᠤ ᠦᠬᠡᠢ︾ ᠬᠡᠵᠤ ᠪᠠᠶᠢᠨ᠎ᠠ᠃ ᠪᠢ ᠶᠡᠭᠡᠳᠡ ᠭᠠᠶᠢᠬᠠᠯ᠎ᠠ᠃ ᠲᠠᠮᠫᠤᠤ ᠲᠠᠢ ᠨᠤᠤᠰᠤᠨ ᠤ ᠠᠮᠠᠨ ᠠᠴᠠ ᠨᠠᠳᠠ ᠪᠠᠷ ᠲᠡᠭᠡᠭᠰᠢ ᠡᠷᠬᠦᠬᠦᠯᠦᠨ ᠦᠪᠡᠷ ᠢᠶᠠᠨ ᠡᠪᠦᠳᠦᠭ ᠲᠤᠬᠤᠢ ᠬᠤᠶᠠᠷ ᠢᠶᠠᠷ ᠢᠶᠠᠨ ᠲᠠᠮ ᠦᠭᠴᠤ ᠢᠮᠠᠭᠠᠬᠠᠢ ᠲᠡᠭᠡᠷ᠎ᠠ ᠲᠠᠯᠪᠢᠭᠠᠳ ᠨᠦᠬᠦᠭᠡ ᠲᠠᠯ᠎ᠠ ᠶᠢᠨ ᠲᠠᠩ ᠢ ᠮᠦᠨ ᠲᠡᠭᠡᠵᠤ ᠠᠴᠢᠶᠠᠯᠠᠭᠰᠠᠭᠠᠷ ᠠᠷᠪᠠᠨ ᠠᠳᠠ ᠶᠢ ᠠᠷᠤ ᠠᠷᠤ ᠠᠴᠠ ᠨᠢ ᠴᠦᠷᠭᠡᠯᠡᠪᠡ᠃ ᠠᠮᠢ ᠦᠬᠡᠢ ᠮᠦᠷᠳᠡᠭᠡᠨ ᠠᠮᠢ ᠲᠠᠢ ᠶᠤᠮ ᠰᠢᠭ᠋ ᠬᠦᠮᠦᠨ ᠴᠤ ᠪᠢᠰᠢ ᠠᠮᠢᠳᠠᠨ ᠴᠤ ᠪᠢᠰᠢ ᠬᠦᠮᠦᠨ ᠳᠤ ᠲᠤᠰᠠᠴᠢ ᠢᠮᠠᠭᠠᠬᠠᠢ ᠶᠢ ᠪᠢ ᠲᠤᠰᠠᠴᠢ ᠢᠮᠠᠭᠠᠬᠠᠢ ᠬᠡᠵᠤ ᠬᠡᠯᠡᠨᠡᠮ᠃ ᠬᠦᠮᠦᠨ ᠳᠤ ᠲᠤᠰᠠᠴᠢ ᠢᠮᠠᠭᠠᠬᠠᠢ ᠠᠪᠤ ᠪᠢᠳᠠ ᠭᠤᠷᠪᠠ ᠡᠶᠢᠨᠬᠦ ᠰᠤᠮᠤᠨ ᠤ ᠲᠦᠪ ᠤᠷᠤᠭᠤ ᠬᠦᠳᠡᠯᠵᠡᠭᠡᠪᠡ᠃ ᠠᠪᠤ ᠵᠠᠮ ᠳᠠᠭᠠᠨ ᠪᠡᠶ᠎ᠠ ᠨᠤᠵᠤᠭᠤᠷᠠᠯ ᠢ ᠲᠠᠶᠢᠯᠵᠤ ᠰᠠᠯᠬᠢ ᠬᠦᠳᠡᠯᠳᠡᠯ᠎ᠠ ᠬᠠᠩᠬᠢᠨᠠᠳᠠᠯ᠎ᠠ ᠢᠰᠭᠡᠬᠢᠷᠤᠨ᠎ᠠ᠃ ᠰᠡᠳᠬᠢᠯ ᠮᠢᠨᠢ ᠰᠡᠷᠬᠦᠨ ᠲᠤᠳᠤᠷ᠎ᠠ ᠪᠦᠷ ᠠᠭᠤᠵᠢᠷᠠᠪᠠ᠃ ᠨᠤᠳᠤᠭ ᠤᠰᠤᠨ ᠤ ᠬᠢᠨ ᠠᠪᠤ ᠶᠢ ᠮᠢᠨᠢ ᠶᠡᠭᠡ ᠪᠢᠷᠠᠳᠠᠢ ᠲᠡᠩᠭᠡᠭᠡᠳᠡᠢ ᠬᠦᠮᠦᠨ ᠬᠡᠵᠤ ᠶᠠᠷᠢᠯᠴᠠᠳᠠᠭ ᠨᠢ ᠦᠨᠡᠨ ᠳᠡᠭᠡᠨ ᠴᠢᠳᠠᠯ ᠢᠶᠠᠷ ᠪᠤᠰᠤ ᠶᠠᠭᠤᠮᠠᠨ ᠤ ᠡᠪ ᠤᠯᠳᠠᠭ ᠲᠤ ᠯᠠ ᠤᠴᠢᠷ ᠪᠠᠶᠢᠵᠤ ᠁ ᠬᠡᠮᠡᠨ ᠪᠤᠳᠤᠵᠤ ᠶᠠᠪᠤᠯ᠎ᠠ᠃ ᠠᠪᠤ ᠮᠢᠨᠢ ᠦᠷᠦᠭᠡᠰᠦᠨ ᠭᠠᠷ ᠲᠠᠢ ᠴᠤ ᠬᠡᠰᠡᠨ ᠰᠤᠮᠤᠨ ᠤ ᠠᠷᠰᠯᠠᠨ ᠬᠡᠷᠡᠯ ᠢ ᠮᠡᠭᠡ ᠪᠠᠷ ᠯᠠᠪ ᠬᠠᠶᠠᠨ᠎ᠠ ᠳ᠋ᠠ ᠁ ︵ᠦᠪᠦᠷ ᠮᠤᠩᠭᠤᠯ ᠤᠨ ᠡᠳᠦᠷ ᠤᠨ ᠰᠤᠨᠢᠨ ᠠᠴᠠ︶  
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号