ᠡᠯᠡᠰᠦᠨ ᠤ ᠨᠡᠭᠦᠳᠡᠯ
ᠨᠡᠶᠢᠲᠡᠯᠡᠭᠰᠡᠨ ᠴᠠᠭ᠄
2024/2/21
  ᠶᠡᠬᠡᠰ ᠤᠨ ᠬᠤᠭᠤᠯᠠᠢ ᠶᠢᠨ ᠲᠤᠭᠤᠷᠴᠤᠭ ᠬᠡᠳᠦᠨ ᠮᠠᠩᠬᠠᠨ ᠡᠯᠡᠰᠦ ᠵᠢᠯ ᠵᠢᠯ ᠤᠨ ᠰᠠᠯᠬᠢᠨ ᠳᠤ ᠲᠠᠭᠤᠭᠳᠠᠨ ᠴᠢᠮᠡᠭᠡ ᠦᠭᠡᠶᠢᠷᠡᠭᠰᠡᠭᠡᠷ ᠨᠢᠭᠡ ᠯᠡ ᠮᠡᠳᠡᠬᠦ ᠳᠤ ᠲᠠᠷᠪᠢ᠂ ᠰᠢᠷᠭ᠎ᠠ ᠬᠤᠶᠠᠷ ᠢ ᠵᠤᠯᠭᠠᠭᠤᠯᠳᠠᠭ ᠲᠦᠭᠦᠮ ᠤᠨ ᠪᠦᠯᠢ ᠵᠠᠭ ᠢ ᠲᠡᠷᠡ ᠴᠢᠭ ᠢᠶᠠᠷ ᠨᠢ ᠵᠠᠯᠬᠢᠵᠤ ᠵᠤᠨ ᠤ ᠨᠠᠷᠠ ᠲᠠᠢ ᠵᠤᠯᠭᠠᠵᠠᠢ᠃ ᠡᠯᠡᠰᠦᠨ ᠤ ᠨᠡᠭᠦᠳᠡᠯ ᠭᠡᠭᠴᠢ ᠲᠡᠭᠷᠢ ᠶᠢ ᠡᠭᠦᠯᠡ ᠮᠡᠳᠦ ᠪᠠᠷ᠎ᠠ ᠰᠤᠷᠠᠭ ᠦᠭᠡᠢ ᠠᠯᠠᠭ᠎ᠠ ᠪᠤᠯᠳᠠᠭ ᠢ ᠲᠡᠭᠡᠬᠦ ᠳᠤ ᠯᠠ ᠪᠢ ᠮᠡᠳᠡᠵᠦ ᠪᠢᠯᠡ᠃ ᠬᠡᠨ ᠴᠤ ᠠᠩᠵᠠᠭᠠᠷᠠᠳᠠᠭ ᠦᠭᠡᠢ ᠡᠨᠡ ᠨᠤᠮᠤᠬᠠᠨ ᠡᠯᠡᠰᠦ ᠤᠨ ᠵᠢᠯ ᠤᠨ ᠤᠷᠳᠤ ᠳᠤ ᠶᠡᠭᠡ ᠮᠤᠩᠭᠤᠯ ᠤᠨ ᠴᠤ ᠶᠤᠮ ᠤᠤ᠂ ᠲᠦᠷᠭᠦᠨ ᠤ ᠬᠤᠩᠭᠤᠷ ᠡᠯᠡᠰᠦᠨ ᠠᠴᠠ ᠢᠵᠢᠯᠢ ᠲᠠᠰᠤᠷᠠᠵᠤ ᠤᠪᠤᠨ ᠴᠤᠪᠤᠭᠰᠠᠭᠠᠷ ᠡᠮᠦᠨ᠎ᠡ ᠵᠦᠭ ᠦᠷᠳᠡᠭᠡᠯᠡᠵᠦ ᠶᠠᠪᠤᠭ᠎ᠠ ᠨᠢ ᠡᠨᠡ ᠪᠦᠯᠦᠭᠡ᠃ ᠴᠢᠮᠡᠭᠡ ᠦᠭᠡᠢ ᠬᠤᠩᠭᠤᠷ ᠡᠯᠡᠰᠦᠨ ᠲᠤᠮᠳᠠ ᠠᠴᠠ ᠵᠠᠭ ᠤᠨ ᠮᠦᠴᠢᠷ ᠰᠠᠷᠪᠠᠶᠢᠵᠤ ︽ᠪᠢ ᠴᠢᠨᠢ ᠵᠠᠭ ᠶᠤᠮ ᠰᠢᠦ᠃ ᠡᠯᠡᠰᠦ ᠲᠠᠢ ᠴᠤ ᠡᠯᠡᠰᠦ ᠦᠭᠡᠢ ᠴᠤ᠂ ᠪᠤᠷᠤᠭ᠎ᠠ ᠲᠠᠢ ᠴᠤ ᠪᠤᠷᠤᠭ᠎ᠠ ᠦᠭᠡᠢ ᠴᠤ ᠤᠷᠭᠤᠬᠤ ᠪᠠᠨ ᠯᠠ ᠤᠷᠭᠤᠨ᠎ᠠ︾ ᠭᠡᠮᠡᠨ ᠰᠢᠭᠢᠷ᠎ᠡ ᠵᠢᠭᠠᠨ ᠵᠦᠷᠢᠭᠦᠳᠯᠡᠬᠦ ᠮᠡᠳᠦ ᠨᠢᠯᠬ᠎ᠠ ᠨᠤᠭᠤᠭᠠᠨ ᠰᠢᠯᠮᠤᠤᠰᠤ ᠪᠠᠨ ᠮᠤᠤᠷ ᠤᠨ ᠰᠠᠬᠠᠯ ᠰᠢᠭ᠋ ᠰᠡᠷᠪᠡᠯᠵᠡᠭᠦᠯᠵᠦ᠂ ᠠᠨᠢᠷ ᠦᠭᠡᠢ ᠭᠤᠪᠢ ᠳᠤ ᠠᠮᠢᠰᠬᠤᠯ ᠠᠭᠤᠵᠢᠯᠠᠨ᠎ᠠ᠃ ᠡᠯᠡᠰᠦ ᠴᠤ ᠪᠤᠶᠠᠨᠳᠤ ᠡᠨᠡ ᠵᠠᠭ ᠤᠨ ᠬᠠᠶᠠᠭ᠎ᠠ ᠪᠠᠷᠠᠳᠠᠨ ᠵᠤᠨ ᠤ ᠨᠠᠷᠠᠨ ᠳᠤ ᠨᠤᠵᠤᠭᠤᠷᠠᠨ ᠠᠮᠠᠷᠠᠵᠤ ᠪᠠᠶᠢᠬᠤ ᠰᠢᠭ᠋ ᠁ ᠨᠠᠷᠠ ᠴᠤᠨᠤᠭᠠᠭᠰᠠᠨ ᠭᠤᠪᠢ ᠳᠤ ᠠᠮᠢᠳᠤ ᠠᠮᠢᠳᠠᠨ ᠤ ᠪᠠᠷ᠎ᠠ ᠬᠠᠷᠠᠬᠤ ᠭᠡᠭᠴᠢ ᠶᠠᠭᠤᠳᠠᠢ ᠰᠠᠶᠢᠬᠠᠨ᠃ ᠰᠡᠳᠭᠢᠯ ᠰᠡᠷᠭᠦᠭᠡᠳ ᠯᠡ ᠢᠷᠡᠨ᠎ᠡ᠃ ᠲᠡᠷᠳᠡᠭᠡ ᠪᠠᠷᠠᠭᠤᠨ ᠰᠠᠶᠢᠷ ᠲᠤ ᠭᠡᠰᠡᠭ ᠲᠡᠮᠡᠭᠡ ᠵᠡᠷᠭᠡᠯᠭᠡᠨ ᠲᠤᠮᠳᠠ ᠪᠦᠷᠦᠯᠵᠡᠵᠦ ᠲᠤᠷᠤᠯᠵᠠᠨ ᠲᠡᠭᠷᠢ ᠭᠠᠵᠠᠷ ᠤᠨ ᠰᠠᠪᠰᠠᠯᠠᠭ᠎ᠠ ᠳᠤ ᠪᠠᠭᠳᠠᠵᠤ ᠴᠦᠬᠦᠨ᠎ᠡ᠃ ᠴᠢᠩᠭᠢᠵᠦ ᠪᠠᠶᠢᠳᠠᠯ᠎ᠠ ᠬᠠᠵᠠᠭᠤᠬᠠᠨ ᠲᠠᠯ᠎ᠠ ᠠᠴᠠ ᠮᠢᠨᠢ ᠭᠠᠭᠴᠠ ᠬᠠᠯᠳᠠᠷ ᠬᠦᠷᠪᠡᠯ ᠡᠯᠡᠰᠦᠨ ᠲᠡᠭᠡᠭᠦᠷ ᠮᠦᠷ ᠢᠶᠠᠨ ᠵᠢᠷᠡᠶᠢᠯᠭᠡᠵᠦ ᠮᠠᠩᠬᠠᠨ ᠦᠭᠡᠳᠡ ᠲᠠᠪᠠᠷᠠᠭᠠᠵᠤ ᠭᠠᠷᠤᠯ᠎ᠠ᠃    ᠠᠮᠢᠳᠤ ᠶᠠᠭᠤᠮ᠎ᠠ ᠪᠤᠯᠬᠤᠷ ᠢᠶᠠᠨ ᠡᠯᠡᠰᠦ ᠨᠤᠷᠠᠭᠠᠨ ᠦᠪᠡᠷ ᠢᠶᠠᠨ ᠬᠠᠮᠳᠤ ᠭᠤᠯᠠᠰᠴᠤ ᠭᠠᠵᠠᠷ ᠬᠤᠷᠤᠭᠠᠬᠤ ᠶᠤᠮ ᠪᠢᠰᠢ᠃ ᠮᠢᠨᠦ ᠪᠠᠭ᠎ᠠ ᠳᠤ ᠡᠨᠡ ᠡᠯᠡᠰᠦ ᠮᠠᠨ ᠤ ᠪᠤᠷᠤ ᠨᠢᠷᠤᠭᠤᠨ ᠳᠤ ᠪᠠᠶᠢᠯ᠎ᠠ᠃ ᠪᠤᠷᠤ ᠨᠢᠷᠤᠭᠤᠨ ᠤ ᠭᠠᠭᠴᠠ ᠲᠠᠪᠠᠭ᠎ᠠ ᠪᠤᠯᠬᠤ ᠡᠯᠡᠰᠦᠨ ᠪᠤᠭᠤᠪᠴᠢ ᠲᠡᠭᠡᠷ᠎ᠡ ᠦᠷᠦᠮ᠎ᠡ ᠰᠢᠭ ᠮᠡᠯᠳᠡᠶᠢᠵᠦ ᠪᠠᠶᠢᠳᠠᠭ ᠰᠠᠨ᠃ ᠰᠤᠮᠤ ᠶᠢᠨ ᠨᠠᠭᠠᠳᠤᠮ ᠢᠶᠠᠷ ᠶᠡᠭᠡ ᠨᠠᠰᠤᠨ ᠤ ᠮᠤᠷᠢᠳ ᠵᠠᠪᠠᠯ ᠲᠡᠷᠡ ᠲᠠᠪᠠᠭ᠎ᠠ ᠶᠢ ᠲᠠᠪᠠᠳᠠᠭ᠂ ᠲᠠᠪᠠᠭ᠋ᠤ ᠳᠠᠭᠠᠨ ᠰᠠᠭᠤᠷᠢ ᠮᠠᠭᠤᠳᠠᠢ ᠬᠡᠳᠦᠨ ᠬᠡᠤᠬᠡᠳ ᠢ ᠭᠡᠭᠡᠵᠦ᠂ ᠮᠤᠷᠢᠨ ᠠᠴᠠ ᠪᠠᠨ ᠤᠨᠠᠭᠰᠠᠨ ᠵᠢᠭᠠᠯ ᠤᠳ ᠶᠠᠭᠤ ᠴᠤ ᠪᠤᠯᠤᠭ᠎ᠠ ᠦᠭᠡᠢ ᠶᠤᠮ ᠰᠢᠭ᠋ ᠲᠡᠷᠡ ᠡᠯᠡᠰᠦᠨ ᠲᠡᠭᠡᠷ᠎ᠡ ᠲᠤᠭᠯᠠᠵᠤ ᠰᠠᠭᠤᠳᠠᠭ ᠰᠠᠨ᠃ ᠤᠳᠠᠵᠤ ᠲᠦᠳᠡᠯ ᠦᠭᠡᠢ ᠮᠤᠷᠢ ᠬᠦᠳᠦᠯᠦᠭᠰᠡᠨ ᠠᠬ᠎ᠠ ᠨᠠᠷ ᠲᠠᠪᠬᠢᠯᠳᠤᠨ ᠢᠷᠡᠵᠦ ᠬᠤᠮᠤᠯ ᠰᠢᠭ᠋ ᠭᠡᠭᠡᠭᠳᠡᠭᠰᠡᠨ ᠲᠡᠳᠡᠨ ᠢ ᠴᠤᠭᠯᠠᠭᠤᠯᠵᠤ ᠪᠤᠴᠠᠨ᠎ᠠ᠃ ᠬᠡᠤᠬᠡᠳ ᠤᠳ ᠦᠪᠡᠷ ᠤᠨ ᠪᠤᠷᠤᠭᠤ ᠶᠢ ᠪᠤᠭᠤᠪᠴᠢ ᠶᠢᠨ ᠡᠯᠡᠰᠦᠨ ᠳᠤ ᠴᠢᠬᠢᠵᠦ᠂ ᠢᠩᠬᠢᠵᠦ ᠴᠤ ᠬᠤᠷᠳᠤᠯᠠᠵᠤ ᠶᠠᠪᠤᠭᠰᠠᠨ᠂ ᠲᠡᠭᠡᠵᠦ ᠴᠤ ᠲᠡᠭᠡᠭᠦᠷ ᠲᠠᠪᠬᠢᠭᠰᠠᠨ ᠭᠡᠵᠦ ᠠᠮᠠ ᠠᠮᠠᠨ ᠳᠠᠭᠠᠨ ᠬᠤᠳᠠᠯ ᠬᠦᠭᠡᠷᠴᠡᠭᠯᠡᠵᠦ᠂ ᠬᠤᠶᠢᠳᠤᠨ ᠵᠢᠯ ᠤᠨ ᠨᠠᠭᠠᠳᠤᠮ ᠢᠶᠠᠷ ᠯᠠ ᠭᠠᠭᠴᠠ ᠰᠠᠶᠢᠨ ᠤᠷᠤᠯᠳᠤᠨ᠎ᠠ ᠳ᠋ᠠ ᠭᠡᠯᠴᠡᠨ ᠭᠡᠮ ᠢᠶᠠᠨ ᠴᠠᠶᠢᠷᠠᠭᠤᠯᠤᠨ᠎ᠠ᠃    ᠮᠤᠷᠢᠨ ᠤ ᠲᠤᠩ ᠲᠠᠢ ᠪᠤᠷᠤᠬᠦᠦ ᠠᠵᠢᠶ᠎ᠠ ᠭᠤᠷᠪᠠᠨ ᠠᠳᠠ ᠪᠠᠷ ᠵᠤᠳᠤᠵᠤ ᠠᠪᠤᠭᠰᠠᠨ ᠬᠤᠯᠤᠰᠤᠨ ᠬᠤᠰᠤᠭᠤᠷ ᠤᠨ ᠢᠶᠠᠨ ᠭᠬᠢᠷ ᠬᠦᠯᠦᠰᠦ ᠲᠠᠢ ᠬᠠᠳᠠᠭ ᠢᠶᠠᠷ ᠪᠠᠶᠢᠨ ᠪᠠᠶᠢᠨ ᠤᠷᠤᠯᠳᠤᠨ ᠪᠠᠶᠠᠷᠬᠠᠵᠤ ︽ᠡᠨᠡ ᠡᠯᠡᠰᠦ ᠶᠢ ᠵᠠᠶᠢᠯᠠᠭᠤᠯᠤᠭᠠᠳ ᠬᠠᠶᠠᠴᠢᠬᠠᠳᠠᠭ ᠪᠤᠯᠤᠭᠠᠰᠠᠢ᠃ ᠰᠤᠮᠤ ᠶᠢᠨ ᠲᠦᠪ ᠤᠨ ᠬᠢᠨ ᠭᠠᠷ ᠨᠡᠶᠢᠯᠡᠪᠡᠯ ᠶᠠᠭᠤᠬᠠᠨ ᠪᠠᠶᠢᠬᠤ ᠪᠤᠢ᠃ ᠲᠡᠭᠡᠪᠡᠯ ᠮᠢᠨᠦ ᠦᠨᠳᠦᠷ ᠬᠤᠯᠠ ᠰᠤᠮᠤ ᠰᠢᠭ᠋ ᠯᠠ ᠨᠢᠰᠤᠨ᠎ᠠ ᠳ᠋ᠡ︾ ᠭᠡᠵᠦ ᠡᠩᠭᠡᠷ ᠢᠶᠠᠨ ᠵᠠᠳᠠᠭᠠᠶᠢᠢᠯᠠᠨ᠂ ᠡᠷᠡᠭᠡᠢ ᠮᠦᠩᠬᠦᠨ ᠲᠤᠪᠴᠢ ᠨᠤᠭᠤᠳ ᠢᠶᠠᠨ ᠱᠠᠭᠰᠢᠷᠠᠭᠤᠯᠵᠤ ᠠᠳᠬᠤᠨ᠎ᠠ᠃ ᠡᠯᠡᠰᠦ ᠵᠠᠶᠢᠯᠠᠭᠤᠯᠬᠤ ᠡᠨᠡ ᠰᠠᠨᠠᠭ᠎ᠠ ᠪᠠᠨ ᠰᠤᠮᠤ ᠶᠢᠨ ᠲᠠᠷᠤᠭ᠎ᠠ ᠳᠠᠭᠠᠨ ᠴᠤᠬᠤᠶᠢᠢᠯᠭᠠᠭᠠᠳ ᠠᠪᠤᠭᠰᠠᠨ᠃ ᠰᠤᠮᠤ ᠶᠢᠨ ᠲᠠᠷᠤᠭ᠎ᠠ ᠮᠠᠨᠢ ᠪᠤᠷᠬᠠᠨ ᠰᠢᠭ᠋ ᠬᠦᠮᠦᠨ ᠪᠤᠯᠬᠤᠷ ᠢᠨᠢᠶᠡᠭᠡᠳ ᠯᠠ ᠰᠠᠭᠤᠵᠤ ᠪᠠᠶᠢᠭᠰᠠᠨ᠃ ᠪᠤᠷᠤᠬᠦᠦ ᠠᠵᠢᠶ᠎ᠠ ᠶᠢᠨ ᠲᠡᠷᠡ ᠶᠠᠷᠢᠶ᠎ᠠ ᠮᠦᠨ ᠯᠡ ᠠᠮᠠ ᠲᠠᠮᠵᠢᠭᠰᠠᠨ ᠶᠠᠪᠠᠭᠠᠨ ᠵᠤᠭ᠎ᠠ ᠪᠤᠯᠵᠤ ᠠᠮᠢᠳᠠᠨ ᠬᠦᠮᠦᠨ ᠤ ᠡᠯᠡᠭ ᠲᠤᠭᠤᠬᠢ ᠦᠭᠳᠡᠭᠡᠨ ︽ᠦᠨᠦ ᠪᠤᠷᠤᠬᠦᠦ ᠴᠢᠨᠢ ᠪᠤᠭᠤᠪᠴᠢ ᠶᠢᠨ ᠡᠯᠡᠰᠦ ᠶᠢ ᠵᠠᠶᠢᠯᠠᠭᠤᠯᠵᠤ ᠪᠢᠳᠡᠨ ᠳᠡᠭᠡᠨ ᠪᠤᠶᠠᠨ ᠪᠤᠯᠬᠤ ᠶᠤᠮ ᠪᠠᠶᠢᠬᠤ ᠡ︾ ᠭᠡᠯᠴᠡᠵᠦ ᠭᠡᠰᠡᠭ ᠲᠡᠭᠡᠨ ᠱᠤᠤᠭᠢᠯ᠎ᠠ᠃ ᠵᠢᠯ ᠰᠠᠷ᠎ᠠ ᠤᠯᠠᠷᠢᠪᠠᠴᠤ ᠨᠠᠭᠠᠳᠤᠮ ᠪᠤᠯᠳᠠᠭ ᠢᠶᠠᠷ ᠢᠶᠠᠨ ᠪᠤᠯᠵᠤ᠂ ᠮᠤᠷᠢ ᠤᠷᠤᠯᠳᠤᠳᠠᠭ ᠢᠶᠠᠷ ᠢᠶᠠᠨ ᠤᠷᠤᠯᠳᠤᠵᠤ᠂ ᠡᠯᠡᠰᠦ ᠪᠠᠶᠢᠳᠠᠭ ᠢᠶᠠᠷ ᠢᠶᠠᠨ ᠪᠠᠶᠢᠬᠰᠠᠭᠠᠷ ᠯᠠ ᠪᠠᠶᠢᠯ᠎ᠠ᠃ ᠬᠡᠯᠡ ᠠᠮᠠ ᠬᠤᠷᠤᠨ ᠵᠠᠷᠢᠮ ᠨᠢ ︽ᠰᠤᠮᠤ ᠶᠢᠨ ᠢᠶᠠᠨ ᠲᠦᠪ ᠤᠨ ᠬᠤᠭ ᠢ ᠴᠡᠪᠡᠷᠯᠡᠵᠦ ᠴᠢᠳᠠᠬᠤ ᠦᠭᠡᠢ ᠬᠡᠪᠳᠡᠵᠦ ᠪᠤᠭᠤᠪᠴᠢ ᠶᠢᠨ ᠡᠯᠡᠰᠦ ᠶᠢ ᠵᠠᠶᠢᠯᠠᠭᠤᠯᠤᠨ᠎ᠠ ᠭᠡᠳᠡᠭ ᠠᠵᠢᠶ᠎ᠠ ᠲᠠᠷᠤᠭ᠎ᠠ ᠬᠤᠶᠠᠷ ᠤᠨ ᠨᠠᠰᠤᠨ ᠤ ᠦᠯᠢᠭᠡᠷ︾ ᠭᠡᠮᠡᠨ ᠴᠡᠴᠡᠷᠭᠡᠵᠦ᠂ ᠲᠡᠷᠡ ᠶᠠᠷᠢᠶ᠎ᠠ ᠲᠡᠭᠡᠰᠭᠢᠭᠡᠳ ᠠᠶᠠᠳᠠᠯ᠎ᠠ᠃ ᠨᠢᠭᠡ ᠯᠡ ᠮᠡᠳᠡᠬᠦ ᠳᠤ ᠮᠦᠨᠦᠬᠢ ᠲᠠᠪᠠᠭ᠎ᠠ ᠲᠡᠩᠨᠡᠭᠰᠡᠨ ᠲᠤᠬᠤᠮ ᠡᠯᠡᠰᠦ ᠤᠷᠤᠭᠰᠢ ᠪᠠᠨ ᠬᠤᠰᠢᠭᠤᠷᠠᠵᠤ᠂ ᠠᠷᠤ ᠠᠴᠠ ᠪᠠᠨ ᠰᠢᠭᠤᠭᠳᠠᠭᠰᠠᠭᠠᠷ ᠪᠤᠭᠤᠪᠴᠢ ᠪᠠᠨ ᠲᠠᠪᠠᠴᠢᠬᠠᠭᠰᠠᠨ ᠪᠠᠶᠢᠭᠰᠠᠨ᠃ ᠲᠡᠭᠦᠨ ᠢ ᠬᠠᠷᠠᠭᠰᠠᠨ ᠬᠠᠰᠢᠷ ᠵᠠᠷᠢᠮ ᠨᠢ ︽ᠡᠯᠡᠰᠦ ᠨᠡᠭᠦᠭᠡᠳ ᠯᠡ ᠨᠢᠭᠡ ᠯᠡ ᠪᠢᠰᠢ ᠳ᠋ᠡ᠃ ᠡᠨᠡ ᠪᠠᠶᠠᠨ ᠠᠯᠳᠠᠢ ᠶᠢᠨ ᠵᠠᠩ ᠬᠤᠪᠢᠷᠠᠵᠤ ᠪᠠᠶᠢᠨ᠎ᠠ᠃    ᠬᠠᠪᠤᠷ ᠨᠠᠮᠤᠷ ᠤᠨ ᠰᠢᠭᠤᠷᠭ᠎ᠠ ᠨᠢ ᠴᠤ ᠲᠡᠶᠢᠯᠳᠡᠬᠦ ᠦᠭᠡᠢ ᠠᠪᠴᠤ ᠰᠢᠳᠡᠴᠢᠬᠦ ᠭᠡᠳ︾ ᠭᠡᠯᠴᠡᠨ ᠶᠡᠭᠡ ᠯᠡ ᠬᠠᠰᠢᠷ ᠰᠠᠨᠠᠭ᠎ᠠ ᠭᠠᠷᠭᠠᠨ᠎ᠠ᠃ ᠬᠦᠮᠦᠰ ᠶᠠᠷᠢᠵᠤ᠂ ᠠᠵᠤ ᠲᠦᠷᠦᠵᠦ᠂ ᠴᠠᠭ ᠤᠨ ᠲᠦᠷᠪᠡᠨ ᠤᠯᠠᠷᠢᠯ ᠢ ᠡᠷᠭᠢᠯᠳᠦᠭᠦᠯᠵᠦ ᠪᠠᠶᠢᠬᠤ ᠳᠤ ᠡᠯᠡᠰᠦ ᠨᠡᠭᠦᠳᠡᠭ ᠢᠶᠠᠷ ᠢᠶᠠᠨ ᠨᠡᠭᠦᠵᠦ ᠰᠢᠪᠠᠭᠤᠳ ᠪᠤᠴᠠᠳᠠᠭ ᠢᠶᠠᠷ ᠢᠶᠠᠨ ᠪᠤᠴᠠᠵᠤ᠂ ᠢᠷᠡᠳᠡᠭ ᠢᠶᠠᠷ ᠢᠶᠠᠨ ᠢᠷᠡᠵᠦ᠂ ᠠᠮᠢᠳᠤᠷᠠᠯ ᠴᠠᠭ ᠬᠤᠭᠤᠴᠠᠭ᠎ᠠ ᠪᠠᠨ ᠲᠠᠭᠠᠨ ᠤᠷᠤᠰᠴᠤ ᠪᠠᠶᠢᠳᠠᠭ ᠠᠵᠢ᠃ ᠶᠡᠬᠡᠰ ᠤᠨ ᠬᠤᠭᠤᠯᠠᠢ ᠶᠢᠨ ᠲᠤᠭᠤᠷᠴᠤᠭ ᠬᠡᠳᠦᠨ ᠮᠠᠩᠬ᠎ᠠ ᠡᠶᠢᠨ ᠨᠤᠳᠤᠭ ᠰᠡᠯᠭᠦᠵᠦ ᠪᠠᠶᠢᠭ᠎ᠠ ᠶᠢ ᠡᠨᠡ ᠬᠢᠷᠢ ᠭᠡᠨ ᠴᠤ ᠮᠡᠳᠡᠬᠦ ᠦᠭᠡᠢ ᠲᠦᠯᠡᠶᠢᠷᠡᠵᠦ ᠰᠠᠭᠤᠳᠠᠯ᠎ᠠ ᠮᠦᠨᠦᠬᠢ ᠠᠳᠠ ᠱᠤᠤ ᠪᠤᠯᠵᠤ ᠪᠠᠶᠢᠭᠰᠠ ᠡᠯᠡᠰᠦ ᠨᠢ ᠠᠯᠢ ᠬᠡᠳᠦ᠋ᠢᠨ ᠤ ᠭᠤᠤᠯ ᠤᠰᠤ ᠰᠢᠭ᠋ ᠤᠷᠤᠰᠤᠨ᠂ ᠬᠦᠮᠦᠰ ᠬᠠᠷᠢᠨ ᠴᠤ ᠡᠯᠡᠰᠦ ᠪᠠᠨ ᠦᠭᠡᠶᠢᠯᠡᠬᠦ ᠪᠤᠯᠪᠠ᠃ ︽ᠪᠤᠭᠤᠪᠴᠢ ᠶᠢᠨ ᠬᠠᠷ᠎ᠠ ᠬᠠᠶᠢᠷᠭᠤ ᠮᠤᠷᠢᠨ ᠤ ᠬᠦᠯ ᠠᠪᠴᠢᠬᠠᠯ᠎ᠠ︾ ᠭᠡᠵᠦ ᠦᠭᠡᠯᠡᠬᠦ ᠬᠦᠮᠦᠨ ᠴᠤ ᠤᠯᠠᠰᠢᠷᠠᠯ᠎ᠠ᠃ ᠪᠠᠶᠢᠭ᠎ᠠ ᠶᠠᠭᠤᠮ᠎ᠠ ᠢᠯᠡᠭᠦᠳᠡᠵᠦ᠂ ᠪᠠᠶᠢᠬᠤ ᠦᠭᠡᠢ ᠶᠠᠭᠤᠮ᠎ᠠ ᠦᠭᠡᠶᠢᠯᠡᠭᠳᠡᠳᠡᠭ ᠬᠤᠷᠸ᠎ᠠ ᠭᠡᠳᠡᠭ ᠡᠨᠡ ᠳ᠋ᠡ᠃ ᠲᠦᠭᠦᠮ ᠤᠨ ᠬᠡᠳᠦᠨ ᠵᠠᠭ ᠢ ᠮᠠᠩᠭᠤᠰ ᠰᠢᠭ᠋ ᠵᠠᠯᠬᠢᠭᠰᠠᠨ ᠡᠯᠡᠰᠦᠨ ᠮᠠᠩᠬᠠᠨ ᠵᠠᠭᠤᠨ ᠵᠠᠭᠤᠨ ᠢᠶᠠᠷ ᠲᠡᠰᠪᠡ ᠭᠡᠵᠦ ᠤᠤ᠂ ᠨᠡᠭᠦᠳᠡᠯ ᠤᠨ ᠰᠢᠪᠠᠭᠤᠳ ᠰᠢᠭ᠋ ᠲᠦᠭᠦᠴᠡᠭᠡᠯᠡᠨ ᠴᠤᠪᠤᠷᠠᠭᠰᠠᠭᠠᠷ ᠨᠤᠳᠤᠭ ᠤᠨ ᠲᠡᠭᠡᠰᠦ ᠠᠯᠬᠤᠨ ᠬᠦᠮᠦᠨ ᠤ ᠭᠠᠵᠠᠷ ᠬᠦᠷᠡᠩᠳᠦᠵᠦ ᠪᠠᠶᠢᠬᠤ ᠶᠢ ᠬᠡᠨ ᠮᠡᠳᠡᠨ᠎ᠡ᠃ ᠪᠤᠷᠤᠬᠦᠦ ᠠᠵᠢᠶ᠎ᠠ ᠮᠠᠨᠢ ᠤᠬᠠᠭᠠᠨ ᠲᠤᠬᠢ ᠲᠡᠭᠰᠢᠷᠡᠭᠰᠡᠨ ᠬᠤᠶᠢᠨ᠎ᠠ ᠪᠠᠨ ᠪᠠᠭ᠎ᠠ ᠵᠠᠯᠠᠭᠤ ᠳᠠᠭᠠᠨ ᠬᠡᠯᠡᠵᠦ ᠪᠠᠶᠢᠭᠰᠠᠨ ᠦᠭᠡᠨ ᠳᠡᠭᠡᠨ ᠪᠢᠳᠡᠭᠦᠬᠡᠨ ᠬᠠᠷᠠᠭᠤᠰᠴᠤ ︽ᠦᠭᠡᠢ ᠡᠨᠡ ᠤᠯᠠᠨ ᠴᠢᠨᠢ ᠡᠯᠡᠰᠦ ᠠᠶᠤᠯᠳᠠᠢ᠂ ᠴᠦᠯᠵᠢᠭᠦᠯᠳᠡᠭ ᠪᠠᠷᠢᠳᠠᠭ ᠭᠡᠳ ᠯᠡ ᠪᠠᠶᠢᠬᠤ ᠶᠤᠮ᠃ ᠲᠡᠶᠢᠮᠦ ᠴᠤ ᠶᠤᠮ ᠤᠤ᠂ ᠦᠭᠡᠢ ᠴᠤ ᠶᠤᠮ ᠤᠤ ᠭᠡᠨ ᠮᠡᠳᠡᠯ᠎ᠡ᠃    ᠡᠯᠡᠰᠦ ᠨᠡᠭᠦᠴᠢᠭᠡᠬᠦ ᠪᠠᠷ ᠨᠤᠳᠤᠭ ᠡᠵᠡᠭᠦ᠋ᠢᠷᠡᠴᠢᠭᠡᠭᠰᠡᠨ ᠰᠢᠭ ᠡᠪ ᠦᠭᠡᠢ ᠵᠤᠯᠢᠭ ᠪᠠᠶᠢᠨ᠎ᠠ ᠰᠢᠦ︾ ᠭᠡᠵᠦ ᠢᠷᠡᠭᠡᠳ ᠯᠡ ᠦᠭᠡᠯᠡᠨ᠎ᠡ᠃ ᠶᠠᠭᠤ ᠠᠳᠤᠭᠠᠢ ᠴᠤ ᠶᠡᠬᠡᠰ ᠤᠨ ᠬᠤᠭᠤᠯᠠᠢ ᠶᠢᠨ ᠬᠦᠳᠦᠯᠦᠯᠴᠡᠭᠡ ᠮᠠᠩᠬᠠᠨ ᠡᠯᠡᠰᠦ ᠬᠡᠳᠦᠨ ᠵᠢᠯ ᠳᠡᠭᠡᠨ ᠯᠡ ᠭᠡᠷᠡᠭ ᠲᠠᠢ ᠭᠡᠷᠡᠭ ᠦᠭᠡᠢ ᠪᠠᠨ ᠲᠠᠭᠤᠳᠠᠭᠤᠯᠵᠤ ᠨᠡᠭᠦᠨ ᠨᠡᠭᠦᠭᠰᠡᠭᠡᠷ ᠲᠦᠭᠦᠮ ᠬᠦᠷᠴᠡᠢ᠃ ᠲᠦᠭᠦᠮ ᠠᠴᠠ ᠴᠠᠭᠠᠰᠢ ᠪᠠᠨ ᠭᠠᠵᠠᠷ ᠭᠡᠵᠦ ᠪᠠᠰᠠ ᠪᠤᠢ᠃ ᠶᠡᠭᠡ ᠡᠯᠡᠰᠦᠨ ᠤ ᠵᠠᠬ᠎ᠠ ᠳᠤ ᠪᠢ ᠡᠨᠡ ᠲᠤᠷᠠᠳᠬᠠᠯ ᠢ ᠪᠤᠳᠤᠯ ᠳᠠᠭᠠᠨ ᠬᠡᠯᠬᠢᠵᠦ᠂ ᠵᠤᠯᠠᠢ ᠳᠠᠭᠠᠨ ᠴᠠᠰᠤ ᠴᠠᠯᠮᠠᠭᠠᠯᠠᠭᠰᠠᠨ ᠬᠦᠬᠡ ᠠᠭᠤᠯᠠᠰ ᠢᠶᠠᠨ ᠬᠠᠷᠠᠵᠤ ᠰᠠᠭᠤᠯ᠎ᠠ᠃ ᠲᠦᠷᠦᠭᠦᠨ ᠠᠴᠠ ᠬᠤᠶᠢᠰᠢ ᠰᠡᠷᠢᠭᠦᠨ ᠰᠠᠪᠰᠢᠶ᠎ᠠ ᠮᠦᠷᠦᠭᠡᠳᠦᠨ ᠡᠯᠡᠰᠦᠨ ᠤ ᠨᠤᠷᠠᠯ ᠳᠤ ᠠᠮᠢ ᠳ᠋ᠦᠢᠨ ᠲᠡᠭᠡᠭᠰᠢ ᠪᠠᠨ ᠮᠠᠴᠤᠬᠤ ᠬᠤᠷᠤᠭᠤᠨ ᠴᠢᠨᠡᠭᠡ ᠬᠦᠷᠪᠡᠯ ᠲᠠᠮᠢᠷ ᠨᠢ ᠲᠠᠰᠤᠷᠠᠪᠠ ᠪᠤᠯᠤᠯᠳᠠᠢ ᠬᠦᠯ ᠲᠤᠭᠤᠤᠷ ᠵᠢᠷᠠᠶᠢᠯᠭᠡᠵᠦ᠂ ᠬᠤᠮᠤᠯ ᠤᠨ ᠴᠢᠨᠡᠭᠡ ᠴᠢᠯᠠᠭᠤᠨ ᠲᠡᠭᠡᠷ᠎ᠡ ᠡᠷᠭᠢᠮᠰᠠᠨ ᠰᠠᠭᠤᠵᠤ ᠦᠪᠡᠷ ᠲᠡᠭᠡᠨ ᠲᠤᠮᠤᠳᠠᠭᠰᠠᠨ ᠠᠮᠠ ᠪᠠᠨ ᠪᠠᠶᠢᠳᠠᠭ ᠢᠶᠠᠷ ᠨᠢ ᠠᠩᠭᠠᠶᠢᠢᠨ ᠨᠢᠮᠬᠡᠨ ᠭᠦᠵᠡᠭᠡ ᠪᠠᠨ ᠪᠠᠯᠬᠠᠯᠵᠠᠭᠤᠯᠵᠤ ᠵᠢᠷᠭᠠᠨ᠎ᠠ᠃ ︽ᠠᠮᠢᠳᠤ ᠠᠮᠢᠳᠠᠨ ᠵᠢᠷᠭᠠᠵᠤ ᠪᠠᠶᠢᠪᠠᠯ ᠤᠷᠴᠢᠯᠠᠩ ᠦᠪᠡᠷ ᠢᠶᠠᠨ ᠵᠢᠷᠭᠠᠳᠠᠭ︾ ᠭᠡᠰᠡᠨ ᠠᠯᠳᠠᠭᠤᠯ ᠦᠭᠡ ᠶᠢ ᠪᠢ ᠬᠠᠮᠢᠭ᠎ᠠ ᠨᠢᠭᠡᠨᠳᠡ ᠰᠤᠨᠤᠰᠤᠭᠰᠠᠨ ᠪᠠᠶᠢᠬᠤ ᠶᠤᠮ᠃ ᠢᠩᠬᠢᠬᠦ ᠳᠤ ᠡᠨᠡ ᠤᠷᠴᠢᠯᠠᠩ ᠳᠤ ᠢᠯᠡᠬᠦᠦ ᠶᠠᠭᠤᠮ᠎ᠠ ᠭᠡᠵᠦ ᠪᠠᠶᠢᠨ᠎ᠠ ᠤᠤ᠂ ᠪᠤᠳᠤᠪᠠᠯ ᠦᠭᠡᠢ ᠪᠠᠶᠢᠬᠤ ᠡ᠃ ᠪᠢᠳᠡ ᠭᠡᠳᠡᠭ ᠭᠠᠵᠠᠷ ᠲᠡᠯᠡᠭᠡᠢ ᠳᠤ ᠬᠦᠮᠦᠨ ᠯᠡ ᠪᠠᠶᠢᠪᠠᠯ ᠪᠤᠰᠤᠳ ᠨᠢ ᠬᠠᠮᠢᠶ᠎ᠠ ᠦᠭᠡᠢ ᠮᠡᠳᠦ ᠰᠠᠨᠠᠬᠤ ᠨᠢ ᠪᠠᠰᠠ ᠯᠠ ᠤᠬᠠᠭᠠᠨ ᠴᠦᠯᠬᠦ ᠶᠢᠨ ᠰᠢᠨᠵᠢ ᠭᠡᠯᠳᠡᠢ᠃ ᠶᠡᠭᠡ ᠭᠤᠪᠢ ᠶᠢᠨ ᠨᠠᠷᠠᠨ ᠲᠤᠤᠷ᠎ᠠ ᠲᠡᠮᠡᠭᠡ ᠮᠠᠯ ᠲᠤᠷᠤᠯᠵᠠᠵᠤ᠂ ᠬᠤᠨᠢᠨ ᠵᠡᠷᠭᠡᠯᠭᠡ ᠮᠢᠷᠠᠯᠵᠠᠭᠰᠠᠨ ᠡᠨᠡ ᠠᠨᠢᠷ ᠦᠭᠡᠢ ᠮᠦᠴᠡ ᠳᠤ ᠴᠤ ᠡᠯᠡᠰᠦ ᠨᠡᠭᠦᠵᠦ ᠯᠡ ᠪᠠᠶᠢᠭ᠎ᠠ ᠳ᠋ᠠ ᠭᠡᠬᠦ ᠠᠴᠠ ᠰᠡᠳᠭᠢᠯ ᠭᠡᠭᠡᠯᠵᠡᠬᠦ ᠴᠤ ᠰᠢᠭ᠂ ᠴᠠᠭᠠᠨ᠎ᠠ ᠪᠠᠨ ᠯᠠ ᠤᠶᠢᠢᠤᠬᠠᠷ ᠲᠠᠢ᠃ ᠤᠷᠬᠢᠭᠠᠳ ᠨᠡᠭᠦᠭᠰᠡᠨ ᠰᠢᠪᠠᠭᠤᠳ ᠲᠠᠯᠢ ᠵᠢᠭᠦᠷ ᠢᠶᠠᠨ ᠴᠤᠴᠠᠭᠠᠨ ᠡᠷᠭᠢᠭᠡᠳ ᠢᠷᠡᠳᠡᠭ ᠪᠤᠯ ᠭᠠᠵᠠᠷ ᠰᠢᠷᠤᠢ ᠶᠢᠨ ᠮᠢᠨᠢ ᠠᠯᠳᠠᠨ ᠦᠷᠡᠳᠡᠰᠦ ᠡᠨᠡ ᠮᠠᠩᠬᠠᠨ ᠬᠤᠩᠭᠤᠷ ᠡᠯᠡᠰᠦ ᠴᠠᠭᠠᠰᠢ ᠪᠠᠨ ᠯᠠ ᠶᠠᠪᠤᠨ᠎ᠠ ᠤᠤ ᠭᠡᠬᠦ ᠠᠴᠠ ᠨᠠᠭᠠᠰᠢ ᠪᠠᠨ ᠴᠤᠪᠤᠬᠤ ᠦᠭᠡᠢ᠃ ᠲᠡᠭᠷᠢ ᠶᠢᠨ ᠲᠤᠤᠷ᠎ᠠ ᠠᠮᠢᠳᠤᠷᠠᠵᠤ ᠲᠡᠭᠷᠢ ᠶᠢᠨ ᠢᠶᠠᠨ ᠲᠤᠤᠷ᠎ᠠ ᠲᠡᠭᠦᠰᠳᠡᠭ ᠨᠢ ᠬᠦᠮᠦᠨ ᠤ ᠬᠤᠷᠸ᠎ᠠ ᠶᠢᠨ ᠵᠢᠮ᠎ᠡ ᠭᠡᠪᠡᠯ ᠪᠢ ᠪᠢᠰᠢ ᠡᠯᠡᠰᠦ ᠦᠯᠡᠳᠡᠨ᠎ᠡ᠃ ᠨᠡᠭᠦᠭᠰᠡᠨ ᠴᠤ ᠰᠠᠭᠤᠭᠰᠠᠨ ᠴᠤ ᠦᠯᠡᠳᠡᠨ᠎ᠡ᠃ ᠤᠭᠠᠯᠵᠠᠨ ᠬᠡ ᠲᠠᠢ ᠡᠯᠡᠰᠦ ᠮᠢᠨᠢ ᠤᠤᠯ ᠠᠯᠳᠠᠢ ᠳᠠᠭᠠᠨ ᠯᠠ ᠦᠯᠡᠳᠡᠵᠦ ᠬᠠᠶᠢᠷᠠᠯᠠᠭᠠᠷᠠᠢ᠃ ᠤᠷᠴᠢᠯᠠᠩ ᠳᠤ ᠢᠯᠡᠭᠦᠦ ᠶᠠᠭᠤᠮ᠎ᠠ ᠪᠠᠶᠢᠳᠠᠭ ᠦᠭᠡᠢ᠂ ᠲᠡᠭᠡᠪᠡᠯ ᠮᠠᠨ ᠤ ᠠᠯᠳᠠᠢ ᠳᠤ ᠴᠤ ᠢᠯᠡᠭᠦᠦ ᠶᠠᠭᠤᠮ᠎ᠠ ᠦᠭᠡᠢ᠃     1998 ᠤᠨ ᠵᠣᠬᠢᠶᠠᠭᠴᠢ᠄ ﹇ᠮᠤᠩᠭᠤᠯ ᠤᠯᠤᠰ﹈ ᠰ᠊ · ᠫᠦᠷᠪᠦ
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号