ᠴᠡᠴᠡᠭᠡᠨ ᠡᠷᠢᠬᠡ
ᠨᠡᠶᠢᠲᠡᠯᠡᠭᠰᠡᠨ ᠴᠠᠭ᠄
2024/2/21
   ᠡᠵᠢ ᠡ᠂ ᠡᠵᠢ ᠡ ᠲᠠᠨ ᠤ ᠴᠠᠰᠤᠲᠤ ᠴᠠᠭᠠᠨ ᠭᠠᠨᠳᠢᠭ ᠥᠯᠮᠡᠢ ᠳᠤ ᠲᠠᠨᠢ ᠴᠡᠴᠡᠭᠡᠨ ᠡᠷᠢᠬᠡ ᠡᠷᠭᠦᠶ᠎ᠡ ᠭᠡᠵᠤ ᠴᠡᠴᠡᠭ ᠲᠡᠭᠦᠯ᠎ᠡ ᠲᠠᠨ ᠤ ᠰᠠᠶᠢᠬᠠᠨ ᠰᠡᠳᠬᠢᠯ ᠢᠶᠠᠨ ᠣᠯᠳᠠᠭ ᠪᠠᠶᠢᠭᠰᠠᠨ ᠨᠣᠮᠢᠨ ᠲᠠᠯ᠎ᠠ ᠠᠴᠠ ᠰᠠᠶᠢᠨ ᠮᠠᠭᠤ ᠶᠢ ᠢᠯᠭᠠᠯ ᠦᠭᠡᠢ ᠰᠡᠷᠢᠭᠦᠴᠡᠭᠦᠯᠳᠡᠭ ᠡᠭᠦᠯᠡᠨ ᠰᠡᠭᠦᠳᠡᠷ ᠳᠣᠣᠷ᠎ᠠ ᠠᠴᠠ ᠡᠵᠡᠭᠦᠢ ᠳᠤ ᠮᠢᠨᠢ ᠮᠢᠨᠤ ᠳᠠᠭᠤᠤ ᠶᠢ ᠰᠣᠨᠣᠰᠳᠠᠭ ᠡᠷᠬᠡ ᠲᠠᠩᠬᠠᠢ ᠴᠡᠩᠬᠡᠷ ᠭᠤᠷᠤᠬ᠎ᠠ ᠶᠢᠨ ᠬᠥᠪᠡᠭᠡᠨ ᠠᠴᠠ ᠴᠡᠴᠡᠭ ᠲᠡᠭᠦᠯ᠎ᠡ ᠴᠡᠴᠡᠭ ᠲᠡᠭᠦᠬᠦ ᠳᠡᠭᠡᠨ ᠪᠢ ᠤᠬᠢᠯᠠᠵᠤ ᠲᠡᠭᠦᠯ᠎ᠡ ᠤᠨᠠᠭᠰᠠᠨ ᠬᠠᠷᠠᠭᠤᠰᠠᠯ ᠤᠨ ᠨᠢᠯᠪᠤᠰᠤ ᠣᠨᠣᠭᠰᠠᠨ ᠴᠡᠴᠡᠭ ᠪᠦᠷᠢ ᠶᠢ ᠣᠯᠵᠤ ᠲᠡᠭᠦᠯ᠎ᠡ ᠲᠠᠨ ᠳᠠᠭᠠᠨ ᠴᠡᠴᠡᠭᠡᠨ ᠡᠷᠢᠬᠡ ᠡᠷᠭᠦᠶ᠎ᠡ ᠭᠡᠬᠦ ᠳᠤ ᠨᠢᠭᠡᠨ ᠵᠤᠨ ᠤ ᠬᠢ ᠪᠠᠶᠢᠲᠤᠭᠠᠢ ᠨᠢᠭᠡᠨ ᠵᠠᠭᠤᠨ ᠤ ᠴᠡᠴᠡᠭᠡᠰ ᠴᠦ ᠦᠯᠦ ᠬᠦᠷᠦᠯᠴᠡᠨ᠎ᠡ    ᠰᠠᠶᠢᠬᠠᠨ ᠡᠵᠢ ᠮᠢᠨᠢ ᠰᠠᠨᠴᠢᠭ ᠲᠠᠭᠠᠨ ᠥᠨᠥᠴᠢᠨ ᠬᠢᠷᠠᠭᠤ ᠦᠭᠡᠢ ᠡᠬᠡ ᠮᠢᠨᠢ ᠣᠷᠴᠢᠯᠠᠩ ᠤᠨ ᠦᠨᠡᠨ ᠮᠥᠩᠬᠡ ᠶᠢᠨ ᠰᠥᠨᠢ ᠳᠤᠮᠳᠠᠭᠤᠷ ᠣᠳᠣᠯ᠎ᠠ ᠭᠡᠵᠦ ᠤᠬᠢᠯᠠᠯ᠎ᠠ ᠣᠳᠣᠳ ᠬᠡᠶᠢᠰᠦᠭᠰᠡᠨ ᠦᠬᠦᠯ ᠤᠨ ᠬᠠᠷ᠎ᠠ ᠰᠢᠭᠤᠷᠭᠠᠨ ᠳᠤ ᠣᠰᠬᠤᠯ᠎ᠠ ᠭᠡᠵᠦ ᠬᠠᠶᠢᠯᠠᠯ᠎ᠠ ᠮᠢᠩᠭᠠᠨ ᠦᠨᠳᠦᠰᠦᠨ ᠤ ᠦᠵᠦᠭᠦᠷ ᠪᠦᠬᠦᠨ ᠳᠤ ᠰᠢᠩᠭᠡᠵᠦ ᠮᠠᠨᠳᠤᠬᠤ ᠨᠠᠷᠠᠨ ᠤ ᠵᠦᠭ ᠤᠷᠭᠤᠨ᠎ᠠ ᠭᠡᠵᠦ ᠠᠭᠤᠵᠢᠷᠠᠯ᠎ᠠ ᠡᠩᠬᠡ ᠰᠢᠷᠭᠠᠯ ᠦᠦᠷ ᠤᠨ ᠭᠬᠢᠷᠲᠦᠰᠢ ᠦᠭᠡᠢ ᠴᠠᠭᠠᠨ ᠴᠣᠯᠮᠣᠨ ᠪᠣᠯᠵᠤ ᠡᠬᠢᠯᠡᠯ ᠪᠦᠬᠦᠨ ᠤ ᠮᠠᠩᠯᠠᠢ ᠳᠤ ᠭᠢᠯᠠᠯᠵᠠᠨ᠎ᠠ ᠭᠡᠵᠦ ᠲᠠᠶᠢᠳᠬᠤᠷᠠᠯ᠎ᠠ ᠡᠵᠢ ᠮᠢᠨᠢ ᠲᠠ ᠬᠠᠭᠠᠴᠠᠯ ᠢᠶᠠᠷ ᠴᠢᠯᠠᠭᠤᠵᠢᠭᠰᠠᠨ ᠠᠶᠠᠯᠭᠤ ᠬᠠᠯᠠᠭᠤᠨ ᠢᠶᠠᠷ ᠢᠶᠠᠨ ᠴᠠᠷᠴᠠᠭᠰᠠᠨ ᠰᠦ ᠡᠵᠢ ᠡ ᠪᠢ ᠲᠠᠨ ᠤ ᠦᠷᠭᠦᠯᠵᠢᠯᠡᠯ     ᠵᠣᠬᠢᠶᠠᠭᠴᠢ᠄ ᠯᠾᠬᠠᠪᠠᠰᠦ᠋ᠷᠦᠩ
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号