︽ᠰᠦᠮ᠎ᠡ︾ ᠶᠢᠨ ᠨᠡᠷᠡᠶᠢᠲᠤᠯ
ᠨᠡᠶᠢᠲᠡᠯᠡᠭᠰᠡᠨ ᠴᠠᠭ᠄
2024/1/9
   ᠰᠦᠮ᠎ᠡ ᠶᠢ ᠰᠠᠨᠰᠺᠷᠢᠨᠲ ᠢᠶᠠᠷ ᠯᠧᠨᠢᠨ ᠸᠠᠾᠢᠷ᠎ᠡ ᠭᠡᠲᠡᠭ᠂ ᠯᠠᠮᠠ ᠬᠤᠸᠠᠷᠠᠭ ᠤᠳ ᠤᠨ ᠤᠷᠤᠨ ᠰᠠᠭᠤᠴᠠ ᠭᠡᠰᠡᠨ ᠤᠳᠬ᠎ᠠ ᠲᠠᠢ᠂ ᠰᠦᠮ᠎ᠡ ᠶᠢ ᠪᠠᠰᠠ ᠬᠡᠶᠢᠳ ᠪᠤᠶᠤ ᠵᠤᠤ ᠭᠡᠲᠡᠭ᠂ ᠵᠤᠤ ᠭᠡᠲᠡᠭ ᠨᠢ ᠲᠦᠪᠡᠳ ᠦᠭᠡ᠂ ᠱᠠᠬᠵᠠᠮᠤᠨᠢ ᠪᠤᠷᠬᠠᠨ ᠤ ᠬᠦᠷᠦᠭ ᠢ ᠵᠤᠤ ᠪᠤᠶᠤ ᠵᠤᠤ ᠱᠠᠬᠵᠠᠮᠤᠨᠢ ᠭᠡᠲᠡᠭ᠃ ᠪᠤᠷᠬᠠᠨ ᠤ ᠱᠠᠰᠢᠨ ᠤ ᠰᠦᠮ᠎ᠡ ᠳᠤ ᠦᠭᠡᠷ᠎ᠡ ᠪᠠᠰᠠ ᠠᠷᠪᠠᠨ ᠨᠡᠷᠡᠶᠢᠲᠤᠯ ᠪᠤᠢ᠄ 1. ᠰᠦᠮ᠎ᠡ᠄ ① ᠤᠯᠠᠨ ᠪᠤᠷᠰᠠᠩ ᠬᠤᠸᠠᠷᠠᠭ ᠴᠤᠬᠯᠠᠷᠠᠨ ᠰᠠᠭᠤᠵᠤ᠂ ᠪᠤᠷᠬᠠᠨ ᠲᠠᠬᠢᠵᠤ᠂ ᠪᠤᠳ᠋ᠳ᠋ᠾᠨ ᠶᠢᠨ ᠱᠠᠰᠢᠨ ᠤ ᠨᠤᠮ ᠰᠤᠷᠭᠠᠯ ᠦᠢᠯᠡᠳᠬᠦ ᠲᠤᠭᠠᠩ᠂ ᠰᠤᠪᠤᠷᠭ᠎ᠠ ᠵᠡᠷᠭᠡ ᠪᠠᠷᠢᠯᠭ᠎ᠠ ᠪᠦᠬᠦᠢ ᠭᠠᠵᠠᠷ᠃ ② ᠠᠯᠢᠪᠠ ᠱᠠᠰᠢᠨ ᠤ ᠮᠦᠷᠭᠦᠯ ᠲᠠᠬᠢᠯᠭ᠎ᠠ ᠦᠢᠯᠡᠳᠬᠦ ᠤᠷᠲᠤᠨ ᠲᠠᠩᠬᠢᠮ᠃ 2. ᠴᠡᠪᠡᠷ ᠰᠠᠭᠤᠴᠠ᠄ ᠠᠯᠢᠪᠠ ᠪᠤᠵᠠᠷ ᠪᠤᠷᠲᠠᠭ ᠶᠠᠭᠤᠮᠠᠰ ᠲᠠᠢ ᠬᠠᠮᠲᠤ ᠰᠠᠭᠤᠵᠤ ᠪᠤᠯᠤᠰᠢ ᠦᠭᠡᠢ ᠭᠡᠰᠡᠨ ᠤᠳᠬ᠎ᠠ ᠲᠠᠢ᠃ 3. ᠨᠤᠮ ᠤᠨ ᠶᠢᠷᠲᠢᠨᠴᠦ᠄ 4. ᠲᠤᠨᠢᠯᠠᠬᠤᠢ ᠭᠡᠲᠤᠯᠬᠦᠢ ᠤᠷᠤᠨ᠄ ᠡᠭᠡᠯ ᠶᠢᠷᠲᠢᠨᠴᠦ ᠠᠴᠠ ᠲᠤᠨᠢᠯᠠᠬᠤᠢ ᠭᠡᠲᠤᠯᠬᠦᠢ ᠶᠢ ᠪᠢᠰᠢᠯᠭᠠᠬᠤ ᠭᠠᠵᠠᠷ ᠭᠡᠰᠡᠨ ᠤᠳᠬ᠎ᠠ ᠲᠠᠢ᠃ 5. ᠠᠷᠢᠭᠤᠨ ᠰᠠᠶᠢᠨ ᠪᠠᠯᠭᠠᠳ᠄ ᠰᠠᠨᠰᠺᠷᠢᠨᠲ ᠢᠶᠠᠷ ᠸᠠᠾᠢᠷ᠎ᠡ ᠭᠡᠲᠡᠭ᠂ ᠲᠦᠪ ᠬᠢᠴᠢᠶᠡᠩᠭᠦᠢ ᠪᠢᠰᠢᠯᠭᠠᠯ ᠤᠨ ᠭᠠᠵᠠᠷ ᠭᠡᠰᠡᠨ ᠤᠳᠬ᠎ᠠ ᠲᠠᠢ᠃ 6. ᠠᠷᠢᠭᠤᠨ ᠰᠡᠯᠡᠭᠦᠨ ᠬᠦᠷᠢᠶᠡᠯᠡᠩ᠄ ᠪᠡᠶ᠎ᠡ᠂ ᠬᠡᠯᠡ ᠂ ᠰᠡᠳᠬᠢᠯ ᠤᠨ ᠭᠤᠷᠪᠠᠨ ᠵᠦᠢᠯ ᠤᠨ ᠦᠢᠯᠡ ᠬᠦᠨᠲᠡᠵᠤ ᠬᠦᠷᠲᠡᠭᠡᠲᠦᠢ ᠠᠷᠢᠭᠤᠨ ᠰᠡᠯᠡᠭᠦᠨ ᠭᠠᠵᠠᠷ ᠭᠡᠰᠡᠨ ᠤᠳᠬ᠎ᠠ ᠲᠠᠢ᠃ 7. ᠸᠴᠢᠷᠲᠤ ᠯᠠᠺᠰᠠᠲᠠ᠄ ᠪᠤᠷᠬᠠᠨ ᠪᠤᠳᠢᠰᠠᠳ᠋ᠸ᠎ᠠ ᠪᠤᠷᠰᠠᠩ ᠬᠤᠸᠠᠷᠠᠭ ᠤᠳ ᠤᠨ ᠣᠷᠣᠰᠢᠵᠣ ᠰᠠᠭᠤᠲᠠᠭ ᠪᠠᠲᠤ ᠪᠠᠬᠢ ᠬᠦᠴᠦᠲᠤ ᠭᠠᠵᠠᠷ ᠭᠡᠰᠡᠨ ᠤᠳᠬ᠎ᠠ ᠲᠠᠢ᠃ 8. ᠨᠢᠷᠸᠠᠨ ᠳᠤ ᠤᠷᠤᠬᠤ ᠤᠷᠤᠨ᠄ ᠪᠤᠷᠬᠠᠨ ᠪᠤᠳᠢᠰᠠᠳ᠋ᠸ᠎ᠠ ᠨᠠᠷ ᠤᠨ ᠨᠢᠷᠸᠠᠨ ᠳᠤ ᠤᠷᠤᠬᠤᠢ ᠶᠢᠨ ᠰᠠᠶᠢᠨ ᠰᠠᠶᠢᠬᠠᠨ ᠤᠷᠤᠨ ᠭᠡᠰᠡᠨ ᠤᠳᠬ᠎ᠠ ᠲᠠᠢ᠃ 9. ᠬᠤᠯᠠᠳᠠᠬᠤᠢ ᠭᠠᠵᠠᠷ᠄ ᠰᠦᠮ᠎ᠡ ᠬᠡᠶᠢᠳ ᠲᠤ ᠤᠷᠤᠰᠢᠨ ᠰᠠᠭᠤᠬᠴᠢᠳ ᠪᠣᠯ ᠨᠢᠰᠸᠠᠨᠢᠰ ᠠᠴᠠ ᠬᠤᠯᠠᠲᠠᠵᠤ ᠨᠢᠷᠸᠠᠨ ᠳᠤ ᠤᠷᠤᠬᠤ ᠳᠤ ᠤᠶᠢᠷᠠᠲᠤᠨ᠎ᠠ ᠭᠡᠰᠡᠨ ᠤᠳᠬ᠎ᠠ ᠲᠠᠢ᠃ 10. ᠤᠶᠢᠷᠠᠲᠤᠬᠤᠢ ᠭᠠᠵᠠᠷ᠄ ᠠᠮᠤᠷᠯᠢᠩᠭᠤᠢ ᠶᠢᠨ ᠪᠢᠰᠢᠯᠭᠠᠯ ᠭᠡᠲᠡᠭ ᠯᠡ ᠶᠤᠮ ᠪᠣᠯ ᠪᠤᠷᠬᠠᠨ ᠨᠤᠮ ᠳᠤ ᠯᠠᠪᠲᠠᠢ ᠤᠶᠢᠷᠠᠲᠤᠨ᠎ᠠ ᠭᠡᠰᠡᠨ ᠤᠳᠬ᠎ᠠ ᠲᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号