ᠨᠠᠷᠠ ᠳᠠᠭᠤᠯᠠᠭᠰᠠᠨ ᠵᠤᠨ
ᠨᠡᠶᠢᠲᠡᠯᠡᠭᠰᠡᠨ ᠴᠠᠭ᠄
2024/1/9
  ᠨᠠᠷᠠ ᠳᠠᠭᠤᠯᠠᠭᠰᠠᠨ ᠵᠤᠨ ᠢᠷᠡᠯ᠎ᠡ ᠨᠠᠮᠢᠷᠠᠭ᠎ᠠ ᠪᠣᠷᠣᠭᠠᠨ ᠢᠶᠠᠨ ᠬᠤᠷᠮᠦ᠋ᠢᠯᠠᠴᠢᠬᠠᠭᠰᠠᠨ ᠨᠠᠭᠠᠳᠤᠨ ᠲᠣᠭᠯᠠᠭᠰᠠᠭᠠᠷ ᠢᠷᠡᠯ᠎ᠡ ᠰᠡᠳᠬᠢᠯ ᠤᠨ ᠲᠡᠭᠷᠢ ᠳᠤ ᠭᠡᠭᠡ ᠤᠷᠭᠤᠭᠤᠯᠵᠦ ᠰᠡᠷᠮᠡᠭᠦᠨ ᠪᠠᠶᠢᠭᠠᠯᠢ ᠳᠤ ᠰᠤᠪᠤᠳ ᠤᠨ ᠵᠠᠰᠠᠯ ᠵᠡᠭᠦᠯᠭᠡᠨ ᠰᠠᠨᠠᠭᠰᠠᠨ ᠠᠴᠠ ᠵᠢᠭᠳᠡ ᠭᠢᠰᠬᠢᠯᠡᠭᠰᠡᠭᠡᠷ ᠢᠷᠡᠯ᠎ᠡ ᠬᠤᠷ᠎ᠠ ᠠᠰᠬᠠᠷᠠᠭᠰᠠᠨ ᠵᠤᠨ ᠢᠷᠡᠯ᠎ᠡ ᠬᠤᠷᠯᠣ ᠨᠠᠷᠠ ᠲᠠᠢ ᠵᠣᠭᠤᠭᠳᠠᠴᠢᠬᠠᠭᠰᠠᠨ ᠬᠤᠷᠸ᠎ᠠ ᠳᠡᠯᠡᠬᠡᠢ ᠶᠢ ᠡᠨᠡᠷᠢᠭᠰᠡᠭᠡᠷ ᠢᠷᠡᠯ᠎ᠡ ᠠᠮᠢ ᠲᠠᠢ ᠪᠦᠭᠦᠨ ᠳᠤ ᠠᠮᠢᠵᠢᠷᠠᠯ ᠬᠡᠯᠬᠢᠵᠦ ᠡᠮᠡᠭᠡ ᠶᠢᠨ ᠲᠣᠭᠠᠯᠠᠳᠠᠭ ᠮᠠᠨᠢ ᠶᠢᠨ ᠡᠷᠢᠭᠡ ᠶᠢ ᠴᠢᠨᠦᠷᠡᠭᠦᠯᠦᠨ ᠡᠯᠪᠡᠭ ᠪᠦᠭᠦᠨ ᠢ ᠵᠢᠷᠮᠦᠰᠦᠯᠡᠭᠰᠡᠭᠡᠷ ᠢᠷᠡᠯ᠎ᠡ ᠨᠠᠷᠠ ᠬᠤᠷ᠎ᠠ ᠲᠡᠩᠴᠡᠭᠰᠡᠨ ᠵᠤᠨ ᠢᠷᠡᠯ᠎ᠡ ᠨᠣᠭᠤᠭᠠᠨ ᠠᠮᠢᠰᠬᠤᠯ ᠴᠡᠨᠡᠭᠷᠡᠨ ᠳᠡᠯᠭᠡᠷᠡᠨ᠎ᠡ ᠨᠣᠮ ᠤᠨ ᠬᠡᠦᠬᠡᠳ ᠤᠬᠠᠭᠠᠵᠢᠭᠠᠳ ᠥᠰᠦᠨ᠎ᠡ ᠨᠣᠶᠠᠨ ᠰᠢᠰᠢ ᠰᠤᠭᠤᠷᠠᠭᠠᠳ ᠪᠣᠰᠣᠨ᠎ᠠ ᠨᠤᠲᠤᠭ ᠤᠨ ᠬᠥᠷᠥᠰᠥ ᠥᠬᠢᠳ ᠰᠢᠭ ᠭᠠᠩᠭᠠᠯᠠᠨ᠎ᠠ ᠨᠤᠭᠤᠨ ᠬᠦᠦ ᠠᠮᠢᠳᠤᠷᠠᠯ ᠬᠡᠯᠬᠢᠭᠡᠳ ᠲᠡᠮᠡᠦᠯᠦᠨ᠎ᠡ ᠬᠤᠷ᠎ᠠ ᠲᠠᠢ ᠵᠤᠨ ᠤ ᠰᠤᠷᠠᠭ ᠢᠶᠠᠷ ᠬᠤᠪᠲᠣᠯ ᠳᠡᠪᠲᠦᠭᠡᠳ ᠲᠠᠯᠮᠢᠶᠠᠷᠠᠨ᠎ᠠ ᠬᠤᠯᠠ ᠶᠢᠨ ᠠᠮᠠᠷᠠᠭ ᠢᠶᠠᠨ ᠳᠤᠷᠠᠰᠤᠭᠠᠳ ᠬᠡᠯᠡᠬᠦ ᠦᠭᠡᠢ ᠦᠭᠡ ᠪᠠᠨ ᠤᠩᠰᠢᠴᠢᠬᠠᠨ᠎ᠠ ᠬᠠᠭᠠᠯᠭᠠᠨ ᠤ ᠭᠠᠳᠠᠨ᠎ᠠ ᠵᠣᠭᠰᠣᠭᠠᠳ ᠬᠤᠷᠮᠤᠰᠲᠠ ᠳᠤ ᠲᠠᠯᠠᠷᠬᠠᠯ ᠢᠯᠡᠭᠡᠨ᠎ᠡ ᠤᠷᠭᠤᠬᠤ ᠨᠠᠷᠠᠨ ᠨᠡᠭᠦᠳᠡᠯᠯᠡᠭᠡᠳ ᠤᠬᠤᠷᠬᠠᠢ ᠳᠠᠭᠠᠨ ᠥᠭᠯᠢᠭᠡ ᠲᠠᠢ ᠢᠷᠡᠨ᠎ᠡ ᠤᠰᠤᠨ ᠡᠭᠦᠯᠡ ᠲᠦᠯᠬᠢᠯᠡᠭᠡᠳ ᠤᠢ ᠶᠢᠨ ᠮᠥᠴᠢᠷ ᠰᠢᠭ ᠰᠠᠯᠠᠭᠠᠯᠠᠨ᠎ᠠ ᠨᠠᠷᠠ ᠬᠤᠷ᠎ᠠ ᠵᠣᠭᠤᠭ ᠪᠣᠯᠣᠭᠠᠳ ᠨᠢᠭᠡ ᠯᠡ ᠡᠶᠡᠪᠡᠷᠭᠦᠦ ᠬᠠᠨᠠᠶᠢᠨ᠎ᠠ ᠵᠡᠭᠦᠨ ᠲᠠᠯᠠᠢ ᠶᠢᠨ ᠴᠡᠴᠡᠭᠯᠢᠭ ᠷᠠᠭᠢᠨᠢ ᠵᠡᠭᠦᠳᠦ ᠪᠠᠨ ᠮᠥᠷᠳᠡᠭᠰᠡᠭᠡᠷ ᠢᠷᠡᠨ᠎ᠡ ᠵᠡᠷᠭᠡᠯᠭᠡᠨ ᠰᠢᠭ ᠰᠡᠩᠰᠡᠷᠡᠭᠰᠡᠨ ᠤᠰᠤᠨ ᠳᠤᠨᠢ ᠪᠠᠩᠵᠠᠯ ᠢᠶᠠᠨ ᠰᠢᠮᠡᠵᠢᠭᠦᠯᠬᠦ ᠪᠠᠷ ᠢᠷᠡᠨ᠎ᠡ ᠵᠢᠭᠡᠯᠡᠵᠦ ᠠᠪᠠᠴᠢᠭᠠᠳ ᠴᠡᠴᠡᠭ ᠢᠶᠠᠨ ᠤᠰᠤᠯᠠᠬᠤ ᠭᠡᠵᠦ ᠪᠣᠯᠣᠷ ᠮᠥᠬᠦᠯᠢᠭ ᠢ ᠬᠤᠷᠮᠣᠢ ᠳᠠᠭᠠᠨ ᠪᠠᠭᠯᠠᠨ᠎ᠠ ᠬᠠᠩᠰᠢ ᠶᠢᠨ ᠮᠠᠷᠭᠠᠰᠢ ᠨᠢ ᠪᠣᠰᠬᠤ ᠳᠤ ᠬᠠᠰᠢᠶᠠᠨ ᠳᠤ ᠴᠢ ᠢᠷᠡᠭᠡᠳ ᠪᠠᠶᠢᠵᠠᠢ ᠨᠠᠭᠠᠯᠢᠩᠬᠠᠢ ᠬᠤᠷ᠎ᠠ ᠪᠠᠨ ᠳᠠᠭᠠᠭᠤᠯᠴᠢᠬᠠᠭᠰᠠᠨ ᠨᠠᠭᠠᠳᠤᠨ ᠲᠣᠭᠯᠠᠨ ᠦᠶᠡᠷᠬᠡᠵᠦ ᠪᠠᠶᠢᠵᠠᠢ ᠬᠤᠩᠭᠤᠷ ᠳᠣᠭᠳᠣᠯᠤᠯ ᠴᠢᠮ᠎ᠠ ᠠᠴᠠ ᠲᠦᠷᠦᠭᠡᠳ ᠬᠦᠰᠡᠬᠦᠢ ᠪᠦᠭᠦᠨ ᠢ ᠨᠢᠳᠦ ᠳᠦᠭᠦᠷᠡᠩ ᠭᠦᠶᠦᠯᠳᠦᠭᠦᠯᠵᠡᠢ ᠠ᠋
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号