ᠰᠠᠷᠬᠤᠳ ᠤᠨ ᠢᠷᠦᠭᠡᠯ
ᠨᠡᠶᠢᠲᠡᠯᠡᠭᠰᠡᠨ ᠴᠠᠭ᠄
2024/1/9
  ᠤᠸ᠋ᠮ ᠰᠠᠶᠢᠨ ᠠᠮᠤᠭᠤᠯᠠᠩ ᠪᠣᠯᠲᠤᠭᠠᠢ︕ ᠡᠩᠬᠡ ᠰᠠᠶᠢᠨ ᠵᠢᠷᠭᠠᠯᠠᠩ ᠪᠣᠯᠲᠤᠭᠠᠢ︕ ᠳᠡᠯᠡᠬᠡᠢ ᠰᠢᠨ᠎ᠡ ᠵᠢᠯ ᠢᠶᠠᠨ ᠤᠭᠲᠤᠭᠰᠠᠨ ᠪᠠᠶᠢᠵᠤ ᠳᠡᠯᠭᠡᠷ ᠪᠠᠶᠠᠨ ᠨᠤᠲᠤᠭ ᠢᠶᠠᠨ ᠮᠠᠭᠲᠠᠭᠰᠠᠨ ᠪᠠᠶᠢᠵᠤ ᠳᠡᠪᠡᠯ ᠮᠠᠯᠠᠭᠠᠢ ᠲᠡᠷᠢᠭᠦᠲᠡᠨ ᠢᠶᠠᠨ ᠵᠠᠰᠠᠭᠰᠠᠨ ᠪᠠᠶᠢᠵᠤ ᠳᠡᠷᠭᠡᠳᠡᠬᠢ ᠤᠯᠠᠨ ᠲᠠ ᠪᠦᠬᠦᠳᠡ ᠳᠤ ᠪᠠᠨ ᠶᠣᠰᠣᠯᠠᠨ ᠪᠠᠶᠢᠵᠤ ᠳᠡᠯᠡᠩᠲᠦ ᠮᠠᠯ ᠤᠨ ᠰᠢᠮ᠎ᠡ ᠪᠠᠷ ᠨᠡᠷᠡᠭᠰᠡᠨ ᠰᠠᠷᠬᠤᠳ ᠢᠶᠠᠨ ᠳᠡᠯᠭᠡᠷᠡᠩᠭᠦᠢ ᠨᠠᠶᠢᠷ ᠤᠨ ᠵᠤᠭ᠎ᠠ ᠠᠷᠢᠭᠤᠳᠬᠠᠨ ᠳᠡᠭᠡᠳᠦᠰ ᠤᠨ ᠪᠣᠯᠣᠷ ᠬᠤᠨᠳᠠᠭᠠᠨ ᠳᠤ ᠪᠠᠨ ᠳᠡᠭᠡᠵᠢᠯᠡᠨ ᠬᠡᠮᠨᠡᠭᠡᠳ ᠳᠡᠭᠡᠭᠰᠢ ᠰᠠᠭᠠᠳᠤᠭᠰᠠᠨ ᠲᠠ ᠤᠯᠠᠨ ᠳᠤ ᠪᠠᠨ ᠢᠷᠦᠭᠡᠨ ᠪᠡᠯᠭᠡᠯᠡᠵᠦ ᠳᠡᠪᠰᠢᠭᠦᠯᠦᠨ ᠪᠠᠷᠢᠮᠤ︕ ᠳᠡᠭᠡᠳᠦ ᠮᠣᠩᠭᠤᠯ ᠵᠠᠩᠰᠢᠯ ᠮᠢᠨᠢ ᠪᠠᠳᠠᠷᠠᠲᠤᠭᠠᠢ︕ ᠲᠡᠭᠰᠢ ᠰᠠᠶᠢᠬᠠᠨ ᠵᠢᠷᠭᠠᠯ ᠮᠢᠨᠢ ᠤᠨᠳᠤᠷᠲᠤᠭᠠᠢ︕ ᠳᠡᠭᠡᠪᠦᠷᠢᠲᠦ ᠴᠠᠭᠠᠨ ᠭᠡᠷ ᠤᠳ ᠮᠢᠨᠢ ᠴᠡᠩᠭᠡᠯ ᠵᠢᠷᠭᠠᠯ ᠢᠶᠠᠷ ᠪᠢᠯᠬᠠᠬᠤ ᠪᠣᠯᠲᠤᠭᠠᠢ︕ ᠳᠡᠭᠵᠢᠷᠡᠬᠦ ᠠᠷᠢᠭᠤᠨ ᠦᠢᠯᠡᠰ ᠮᠢᠨᠢ ᠴᠡᠴᠡᠭᠯᠡᠨ ᠮᠠᠨᠳᠤᠬᠤ ᠪᠣᠯᠲᠤᠭᠠᠢ︕
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号