ᠰᠢᠷ᠎ᠠ ᠲᠠᠯ᠎ᠠ
ᠨᠡᠶᠢᠲᠡᠯᠡᠭᠰᠡᠨ ᠴᠠᠭ᠄
2024/1/9
   ᠰᠠᠯᠬᠢᠴᠢ ᠳᠠᠭᠤᠤ ᠪᠣᠯᠵᠤ ᠳᠠᠭᠤᠷᠢᠰᠤᠭ᠎ᠠ ᠦᠭᠡᠢ ᠴᠦ ᠳᠤᠷ᠎ᠠ ᠬᠠᠶᠢᠷ᠎ᠠ ᠪᠣᠯᠵᠤ ᠳᠦᠷᠡᠯᠵᠡᠭᠡ ᠦᠭᠡᠢ ᠴᠦ ᠳᠠᠭᠤᠤ ᠪᠦᠭᠦᠨ ᠠᠴᠠ ᠭᠠᠳᠠᠭᠤᠷ ᠦᠯᠡᠳᠡᠵᠦ ᠴᠢᠳᠠᠬᠤ ᠦᠳᠦ ᠵᠢᠭᠦᠷ ᠤᠷᠭᠤᠵᠤ ᠴᠢᠳᠠᠬᠤ ᠤᠢ ᠮᠣᠳᠣ ᠪᠣᠯ ᠰᠢᠷ᠎ᠠ ᠲᠠᠯ᠎ᠠ︕ ᠤᠷᠠᠯᠠᠭᠠᠳ ᠰᠡᠴᠡᠯᠡᠭᠡᠳ ᠰᠡᠴᠡ ᠬᠦᠷᠦᠰᠢ ᠦᠭᠡᠢ ᠤᠷ᠎ᠠ ᠴᠡᠴᠡ ᠤᠬᠠᠭᠠᠨ ᠪᠤᠳᠤᠯ ᠤᠨ ᠤᠷᠭᠢᠯ ᠮᠥᠩᠬᠡ ᠶᠢᠨ ᠳᠤᠷᠠᠰᠬᠠᠯᠲᠤ ᠰᠢᠷ᠎ᠠ ᠲᠠᠯ᠎ᠠ ᠲᠡᠷᠡ ᠲᠠᠯ᠎ᠠ ᠶᠢ ᠪᠦᠷᠬᠦᠭᠰᠡᠨ ᠲᠠᠩᠬᠢᠯ ᠰᠢᠷ᠎ᠠ ᠴᠡᠴᠡᠭᠡᠰ ᠪᠣᠯ ᠰᠢᠷᠠᠭᠴᠢᠨ ᠤ ᠰᠦ ᠶᠤᠮ ᠭᠡᠵᠦ ᠰᠢᠷ᠎ᠠ ᠲᠠᠯ᠎ᠠ ᠶᠠᠷᠢᠨ᠎ᠠ᠃ ᠣᠪᠣᠭ᠎ᠠ ᠬᠠᠷᠠᠭᠠᠨ ᠳᠤ ᠣᠷᠣᠰᠢ ᠦᠭᠡᠢ ᠣᠷᠣᠭᠤᠯᠵᠤ ᠴᠦ ᠪᠣᠯᠣᠰᠢ ᠦᠭᠡᠢ ᠡᠮᠨᠢᠭ ᠪᠠᠷᠳᠠᠮ ᠡᠭᠡᠷᠡᠮ᠎ᠡ ᠭᠤᠪᠢ ᠶᠢᠨ ᠰᠡᠲᠡᠷ ᠲᠠᠢ ᠡᠷᠬᠡ ᠴᠢᠯᠦᠭᠡ ᠪᠣᠯ ᠰᠢᠷ᠎ᠠ ᠲᠠᠯ᠎ᠠ︕ ᠰᠢᠳᠠᠵᠤ ᠰᠢᠷᠬᠠᠯᠠᠵᠤ ᠲᠠᠮᠲᠤᠭ ᠪᠤᠯᠲᠠᠯ᠎ᠠ ᠪᠠᠨ ᠰᠡᠭᠴᠢᠭᠦᠯᠵᠦ ᠪᠠᠶᠢᠭᠰᠠᠨ ᠴᠦ ᠰᠢᠨᠠᠯᠵᠤ ᠡᠨᠡᠯᠵᠦ ᠤᠨᠠᠭ᠎ᠠ ᠦᠭᠡᠢ ᠴᠤᠪᠲᠤ ᠡᠪᠡᠰᠦ ᠰᠢᠭ ᠰᠢᠵᠠᠭᠤᠷ ᠪᠣᠰᠤᠭ᠎ᠠ ᠰᠢᠷ᠎ᠠ ᠲᠠᠯ᠎ᠠ ᠢᠨᠵᠠᠭ᠎ᠠ ᠪᠠᠨ ᠳᠠᠭᠠᠭᠤᠯᠤᠭᠠᠳ ᠢᠷᠠᠯᠵᠠᠵᠤ ᠪᠠᠶᠢᠳᠠᠭ ᠶᠠᠩᠵᠢᠨᠯᠾᠮᠤ ᠰᠢᠭ᠋ ᠡᠬᠡ ᠭᠥᠷᠥᠭᠡᠰᠦᠨ ᠤ ᠲᠠᠯ᠎ᠠ ᠰᠢᠷᠬᠠᠯᠠᠭᠤᠯᠵᠤ ᠪᠣᠯᠣᠰᠢ ᠦᠭᠡᠢ ᠰᠢᠷᠠᠭᠴᠢᠨ ᠡᠬᠡ ᠶᠢᠨ ᠲᠠᠯ᠎ᠠ︕
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号