ᠨᠡᠶᠢᠭᠡᠮ ᠤᠨ ᠬᠦᠭᠵᠢᠯᠳᠡ ᠶᠢ ᠲᠠᠭᠠᠯᠳᠤᠨ ᠲᠠᠰᠤᠷᠠᠯᠳᠠ ᠦᠭᠡᠢ ᠪᠤᠢ ᠪᠤᠯᠵᠤ ᠪᠠᠶᠢᠭ᠎ᠠ ᠰᠢᠨ᠎ᠠ ᠦᠬᠡᠰ ᠨᠢ | ᠬᠦᠮᠦᠰ ᠤᠨ ᠦᠬᠡᠰ ᠤᠨ ᠰᠠᠩ ᠢ ᠪᠠᠶᠠᠯᠢᠬᠵᠢᠭᠤᠯᠵᠤ᠂ ᠬᠡᠯᠡᠨ ᠤ ᠬᠡᠷᠡᠭᠯᠡᠬᠡᠨ ᠢ ᠤᠯᠠᠮ ᠠᠮᠢᠳᠤ ᠲᠦᠷᠰᠦᠯᠢᠭ | ᠪᠤᠯᠭᠠᠬᠤ ᠲᠠᠳᠦᠢ ᠦᠬᠡᠢ ᠴᠠᠭ ᠦᠶ᠎ᠠ ᠶᠢᠨ ᠴᠤᠭ ᠵᠢᠪᠬᠤᠭ᠎ᠠ ᠶᠢ ᠬᠠᠷᠠᠭᠤᠯᠵᠤ ᠪᠠᠶᠢᠳᠠᠭ᠃ ᠬᠠᠮᠢᠶ᠎ᠠ ᠪᠦᠬᠦᠢ | ᠪᠠᠶᠢᠭᠤᠯᠭ᠎ᠠ ᠨᠢᠬᠡᠴᠢ ᠶᠢᠨ ᠪᠦᠷᠢᠳᠭᠡᠯ ᠢ ᠦᠨᠳᠦᠰᠦᠯᠡᠪᠡᠯ᠂ ᠦᠬᠡᠷᠡᠴᠢᠯᠠᠯᠳᠠ ᠨᠡᠬᠡᠬᠡᠯᠳᠡ ᠠᠴᠠ ᠨᠠᠭᠠᠰᠢ᠂ ᠮᠠᠨ ᠤ | ᠤᠯᠤᠰ ᠲᠤ ᠵᠢᠯ ᠪᠦᠷᠢ 1000 ᠭᠠᠷᠤᠢ ᠰᠢᠨ᠎ᠠ ᠦᠬᠡᠰ ᠪᠤᠢ ᠪᠤᠯᠵᠤ ᠪᠠᠶᠢᠭ᠎ᠠ ᠪᠦᠬᠡᠳ ᠲᠡᠲᠡᠭᠡᠷ ᠨᠢ ᠲᠡᠷᠡ | ᠲᠠᠷᠦ᠋ᠢᠬᠠᠨ ᠳᠠᠭᠠᠨ ᠡᠯ᠎ᠡ ᠰᠢᠨᠵᠢᠯᠡᠭᠡᠨ ᠤ ᠰᠠᠯᠠᠭ᠎ᠠ ᠠᠵᠢᠯ ᠲᠦᠷᠦᠯ ᠵᠢᠴᠢ ᠠᠷᠠᠳ ᠤᠨ ᠲᠤᠮᠳᠠ ᠦᠷᠬᠡᠨ ᠢᠶᠠᠷ | ᠬᠡᠷᠡᠭᠯᠡᠭᠳᠡᠳᠡᠭ᠃ ᠲᠡᠬᠡᠪᠡᠯ ᠡᠳᠡᠭᠡᠷ ᠰᠢᠨ᠎ᠠ ᠦᠬᠡᠰ ᠨᠢ ᠬᠡᠷᠬᠢᠨ ᠴᠦᠬᠡᠨ ᠲᠤᠭᠠᠳᠤ ᠦᠨᠳᠦᠰᠦᠳᠡᠨ ᠤ ᠬᠡᠯᠡᠨ ᠳᠤ | ᠤᠯᠠᠮᠵᠢᠯᠠᠬᠲᠠᠨ ᠤᠷᠤᠵᠦ ᠨᠡᠶᠢᠬᠡᠮ ᠴᠠᠭ ᠦᠶ᠎ᠠ ᠶᠢ ᠲᠠᠭᠠᠵᠤ ᠬᠦᠭᠵᠢᠬᠦ ᠪᠤᠢ︖ | ᠡᠷᠳᠡᠮᠳᠡᠨ ᠰᠦᠮᠪᠦᠷᠪᠠᠳᠤ᠂ ᠳ᠋ᠤᠺᠲ᠋ᠤᠷ ᠡ᠊ · ᠬᠠᠰᠳᠤᠶᠠᠭ᠎ᠠ᠂ ᠫᠷᠣᠹᠧᠰᠰᠣᠷ ᠬᠦᠷᠦᠬᠡᠴᠢᠨ ᠤ ᠬᠡᠷᠡᠯᠮᠡ ᠨᠡᠷ ᠤᠨ | ᠨᠦᠷᠢ ᠶᠡᠭᠡ ᠬᠦᠳᠡᠯᠮᠦᠷᠢ ᠤᠷᠤᠭᠤᠯᠵᠤ᠂ ᠠᠷᠪᠠᠭᠠᠳ ᠵᠢᠯ ᠤᠨ ᠬᠦᠴᠦ ᠬᠦᠯᠦᠰᠦ ᠶᠢ ᠰᠢᠩᠭᠡᠭᠡᠨ ᠪᠠᠶᠢᠵᠦ ᠵᠤᠬᠢᠶᠠᠨ | ᠪᠦᠳᠦᠬᠡᠭᠳᠡᠭᠰᠡᠨ ︽ᠬᠢᠳᠡᠳ ᠮᠤᠩᠭᠤᠯ ᠰᠢᠨ᠎ᠠ ᠦᠬᠡᠰ ᠤᠨ ᠲᠠᠶᠢᠯᠪᠤᠷᠢ ᠲᠤᠯᠢ︾ ︵ᠬᠤᠶᠠᠳᠤᠭᠠᠷ ᠬᠡᠪᠯᠡᠯ︶ ︵ | ᠲᠤᠤᠷ᠎ᠠ ︽ᠲᠠᠶᠢᠯᠪᠤᠷᠢ ᠲᠤᠯᠢ︾ ᠭᠡᠵᠤ ᠤᠷᠴᠢᠭᠤᠯᠤᠨᠠ︶ ᠨᠢ ᠡᠨᠡ ᠬᠦ ᠠᠰᠠᠭᠤᠳᠠᠯ ᠢ ᠰᠢᠢᠳᠪᠦᠷᠢᠯᠡᠵᠦ᠂ ᠮᠤᠩᠭᠤᠯ | ᠲᠤᠯᠢ ᠪᠢᠴᠢᠭ ᠤᠨ ᠰᠤᠳᠤᠯᠭᠠᠨ ᠤ ᠤᠷᠤᠨ ᠵᠠᠢ ᠶᠢ ᠲᠡᠯᠡᠭᠰᠡᠨ ᠪᠦᠬᠡᠳ ᠪᠦᠬᠦ᠋ᠢᠯᠠ ᠴᠦᠬᠡᠨ ᠲᠤᠭᠠᠳᠤ | ᠦᠨᠳᠦᠰᠦᠳᠡᠨ ᠤ ᠰᠢᠨ᠎ᠠ ᠦᠬᠡᠰ ᠤᠨ ᠰᠤᠲᠤᠯᠭᠠᠨ ᠤ ᠬᠦᠷᠢᠶᠠᠨ ᠳᠤ ᠯᠡᠪᠯᠡᠯᠳᠡ ᠪᠤᠯᠬᠤᠢᠢᠴᠠ᠂ ᠲᠠᠭᠠᠭᠤᠯᠬᠤ | ᠴᠢᠨᠡᠷᠳᠡᠢ ᠢᠳᠡᠪᠬᠢ ᠨᠦᠯᠦᠬᠡ ᠦᠵᠡᠬᠦᠯᠬᠦ᠋ᠢᠴᠡ ᠰᠢᠨ᠎ᠡ ᠪᠦᠲᠦᠭᠡᠯ ᠪᠤᠯᠤᠬᠰᠠᠨ ᠪᠠᠶᠢᠨ᠎ᠠ᠃ | ︽ᠲᠠᠶᠢᠯᠪᠤᠷᠢ ᠲᠤᠯᠢ︾ ᠶᠢ ᠬᠡᠪᠯᠡᠬᠦᠯᠦᠭᠰᠡᠨ ᠤ ᠤᠭ ᠰᠠᠨᠠᠭ᠎ᠠ | ᠮᠡᠳᠡᠬᠡᠵᠢ᠂ ᠦᠬᠡᠰ ᠤᠨ ᠰᠠᠩ ᠤᠨ ᠬᠤᠪᠢᠷᠠᠯᠳᠠ ᠨᠢ ᠨᠡᠶᠢᠬᠡᠮ ᠤᠨ ᠬᠦᠭᠵᠢᠯᠳᠠ ᠬᠤᠪᠢᠷᠠᠯᠳᠠ ᠶᠢ ᠦᠨᠴᠦᠭ | ᠪᠤᠯᠤᠩ ᠳᠤᠨᠢ ᠬᠦᠷᠳᠡᠯ᠎ᠡ ᠬᠠᠮᠤᠭ ᠤᠨ ᠢᠯᠡ ᠲᠤᠳᠤ ᠪᠠᠷ ᠲᠤᠰᠬᠠᠳᠠᠭ ᠤᠴᠢᠷᠳᠠᠢ᠃ ᠡᠳᠦᠷ ᠪᠦᠷᠢ ᠪᠤᠢ ᠪᠤᠯᠵᠤ | ᠪᠠᠶᠢᠭ᠎ᠠ ᠰᠢᠨ᠎ᠠ ᠨᠡᠷ᠎ᠡ ᠦᠬᠡ ᠨᠡᠷ᠎ᠡ ᠲᠤᠮᠢᠶ᠎ᠠ ᠨᠢ ᠡᠯ᠎ᠡ ᠲᠦᠷᠦᠯ ᠤᠨ ᠰᠤᠨᠢᠨ ᠰᠡᠳᠬᠦᠯ ᠳᠤ ᠲᠡᠪᠳᠡᠮᠵᠢ ᠶᠡᠬᠡᠳᠡᠢ | ᠢᠯᠡᠷᠡᠳᠡᠭ ᠪᠦᠬᠡᠳ ᠡᠳᠡᠬᠡᠷ ᠦᠬᠡᠰ ᠨᠢ ᠡᠳᠦᠷ ᠲᠤᠳᠤᠮ ᠤᠨ ᠠᠮᠢᠳᠦᠷᠠᠯ ᠲᠤᠮᠳᠠᠬᠢ ᠮᠠᠰᠢ ᠡᠩ ᠤᠨ ᠦᠬᠡᠰ | ᠪᠤᠯᠴᠢᠬᠠᠬᠰᠠᠨ ᠪᠠᠶᠢᠳᠠᠯ᠎ᠠ ᠲᠤᠬᠠᠢ ᠶᠢᠨ ᠦᠶ᠎ᠠ ᠶᠢᠨ ᠵᠠᠷᠢᠮ ᠬᠢᠳᠡᠳ ᠮᠤᠩᠭᠤᠯ ᠲᠤᠯᠢ ᠪᠢᠴᠢᠭ ᠠᠴᠠ ᠬᠠᠶᠢᠵᠤ | ᠤᠯᠬᠤᠶ᠎ᠠ ᠪᠡᠷᠬᠡ ᠪᠠᠶᠢᠲᠠᠭ᠃ ᠬᠢᠳᠡᠳ ᠬᠡᠯᠡᠨ ᠤ ᠬᠤᠪᠢᠷᠠᠯᠳᠠ ᠲᠡᠯᠡᠯᠳᠡ ᠨᠢ ᠨᠡᠶᠢᠬᠡᠮ ᠤᠨ ᠬᠠᠷᠢᠯᠴᠠᠭᠠᠨ ᠳᠤ | ᠲᠠᠰᠤᠷᠠᠯᠲᠠ ᠦᠬᠡᠢ ᠰᠢᠨ᠎ᠠ ᠦᠬᠡᠰ ᠢ ᠨᠡᠮᠡᠷᠢᠯᠡᠵᠦ ᠪᠠᠶᠢᠭ᠎ᠠ ᠪᠦᠬᠡᠳ ᠡᠬᠦᠨ ᠢ ᠲᠠᠭᠠᠯᠲᠤᠨ ᠮᠤᠩᠭᠤᠯ ᠬᠡᠯᠡᠨ ᠤ | ᠲᠦᠷᠢᠮᠵᠢᠯ ᠬᠢᠬᠡᠳ ᠲᠤᠯᠢ ᠪᠢᠴᠢᠭ ᠨᠠᠶᠢᠷᠠᠭᠤᠯᠬᠤ ᠠᠵᠢᠯ ᠴᠤ ᠦᠷᠢᠰᠦᠯᠳᠦᠬᠡᠨ ᠪᠤᠳᠤᠯᠢᠶᠠᠨ ᠲᠠᠢ ᠪᠠᠶᠢᠳᠠᠯ ᠳᠤ | ᠤᠷᠤᠬᠰᠠᠨ ᠪᠠᠶᠢᠨ᠎ᠠ᠃ ᠮᠤᠩᠭᠤᠯ ᠬᠡᠯᠡᠨ ᠤ ᠮᠠᠰᠢ ᠤᠯᠠᠨ ᠰᠢᠨ᠎ᠡ ᠦᠬᠡᠰ ᠬᠢᠳᠡᠳ ᠬᠡᠯᠡ ᠪᠠᠷ ᠲᠡᠮᠵᠢᠨ ᠤᠷᠤᠵᠤ | ᠢᠷᠡᠬᠦ ᠴᠢᠬᠤᠯᠠ ᠲᠠᠢ ᠲᠤᠯᠠ ᠬᠡᠯᠡ ᠪᠢᠴᠢᠭ ᠤᠨ ᠰᠤᠳᠤᠯᠤᠭᠠᠴᠢ ᠪᠤᠯᠤᠨ ᠲᠤᠯᠢᠴᠢᠳ ᠡᠳᠡᠬᠡᠷ ᠰᠢᠨ᠎ᠠ ᠦᠬᠡᠰ ᠢ | ᠴᠠᠭ ᠠᠯᠳᠠᠯ ᠦᠬᠡᠢ ᠮᠤᠩᠭᠤᠯ ᠬᠡᠯᠡᠨ ᠳᠤ ᠤᠷᠴᠢᠭᠤᠯᠤᠨ ᠬᠦᠷᠪᠡᠬᠦᠯᠵᠤ ᠬᠡᠷᠡᠭᠯᠡᠭᠴᠢᠳ ᠲᠤ ᠠᠰᠢᠬᠯᠠᠭᠤᠯᠬᠤ ᠨᠢ | ᠲᠡᠲᠡᠨᠤᠰ ᠤᠨ ᠲᠦᠯᠬᠢᠵᠤ ᠪᠤᠯᠤᠰᠢ ᠦᠬᠡᠢ ᠡᠬᠦᠷᠬᠡ ᠪᠤᠯᠵᠠᠢ᠃ | ᠬᠠᠭᠠᠰ ᠵᠠᠭᠤᠨ ᠤ ᠲᠤᠷᠰᠢᠬᠢ ᠮᠠᠨ ᠤ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠬᠡᠯᠡ ᠰᠢᠨᠵᠢᠯᠡᠯ ᠢ | ᠬᠠᠷᠢᠴᠠᠭᠤᠯᠤᠨ ᠦᠵᠡᠪᠡᠯ᠂ ᠠᠪᠢᠶ᠎ᠠ ᠵᠦᠢ᠂ ᠬᠡᠯᠡ ᠵᠦᠢ ᠪᠤᠯᠤᠨ ᠤᠯᠠᠮᠵᠢᠯᠠᠯᠳᠤ ᠦᠬᠡᠰ ᠤᠨ ᠰᠠᠩ ᠤᠨ | ᠰᠤᠳᠤᠯᠤᠯ ᠤᠨ ᠬᠠᠷᠢᠴᠠᠯ ᠦᠨᠳᠦᠷ ᠪᠠᠶᠢᠳᠠᠭ ᠢᠶᠠᠷ ᠦᠯᠦ ᠪᠠᠷᠠᠮ ᠪᠦᠳᠦᠬᠡᠯ ᠲᠤᠭᠤᠷᠪᠢᠯ ᠤᠨ ᠲᠤᠭ᠎ᠠ ᠬᠡᠮᠵᠢᠶ᠎ᠠ ᠴᠤ | ᠤᠯᠠᠨ᠂ ᠬᠠᠷᠢᠨ ᠰᠢᠨ᠎ᠠ ᠦᠬᠡ ᠰᠢᠨ᠎ᠠ ᠨᠡᠷ᠎ᠡ ᠲᠤᠮᠢᠶᠠᠨ ᠤ ᠰᠤᠳᠤᠯᠭᠠᠨ ᠬᠠᠷᠢᠴᠠᠩᠭᠤᠢ ᠴᠦᠬᠡᠨ ᠪᠠᠶᠢᠲᠠᠭ᠃ | ᠦᠩᠬᠡᠷᠡᠭᠰᠡᠨ ᠵᠢᠯ ᠤᠳ ᠲᠤ ᠦᠬᠡᠰ ᠤᠨ ᠰᠠᠩ᠂ ᠨᠡᠷ᠎ᠡ ᠲᠤᠮᠢᠶᠠᠨ ᠤ ᠰᠤᠳᠤᠯᠭᠠᠨ ᠤ ᠪᠦᠳᠦᠬᠡᠯ ᠤᠳ ᠭᠠᠷᠤᠬᠰᠠᠨ | ᠪᠤᠯᠪᠠᠴᠤ ᠬᠡᠮᠵᠢᠶ᠎ᠠ ᠬᠡᠪᠴᠢᠶᠠᠨ ᠤ ᠲᠠᠯ᠎ᠠ ᠪᠠᠷ ᠮᠦᠷᠠᠨ ᠭᠤᠤᠯ ᠤᠨ ᠤᠰᠤᠨ ᠤ ᠴᠠᠯᠬᠢᠶ᠎ᠠ ᠲᠡᠳᠦᠢ ᠪᠠᠶᠢᠵᠠᠢ᠃ | ᠮᠠᠨ ᠤ ᠤᠯᠤᠰ ᠤᠨ ᠬᠢᠳᠡᠳ ᠬᠡᠯᠡᠨ ᠤ ᠲᠤᠯᠢ ᠪᠢᠴᠢᠭ ᠤᠨ ᠠᠵᠢᠯ ᠢ ᠮᠤᠩᠭᠤᠯ ᠬᠡᠯᠡᠨ ᠤ ᠬᠢ ᠲᠠᠢ | ᠠᠳᠠᠯᠢᠳᠬᠠᠪᠠᠯ᠂ ᠰᠢᠨ᠎ᠠ ᠦᠬᠡᠰ ᠤᠨ ᠰᠤᠳᠤᠯᠭᠠᠨ ᠪᠤᠯᠤᠨ ᠬᠡᠷᠡᠭᠯᠡᠬᠡᠨ ᠤ ᠲᠤᠯᠢ ᠪᠢᠴᠢᠭ ᠨᠠᠶᠢᠷᠠᠭᠤᠯᠬᠤ ᠠᠵᠢᠯ ᠨᠢ | ᠲᠦᠷᠦᠯ ᠵᠦᠢᠯ ᠢᠶᠠᠷ ᠪᠦᠷᠢᠨ᠂ ᠪᠦᠳᠦᠬᠡᠯ ᠢᠶᠠᠷ ᠡᠯᠪᠡᠭ᠂ ᠤᠷᠤᠰᠬᠠᠯ ᠴᠢᠭᠯᠡᠯ ᠢᠶᠠᠷ ᠤᠯᠠᠨ᠂ ᠡᠷᠳᠡᠮ ᠰᠢᠨᠵᠢᠯᠡᠭᠡ | ᠬᠦᠭᠵᠢᠶᠡᠨ ᠲᠠᠢ᠂ ᠪᠦᠳᠦᠴᠡ ᠲᠤᠬᠳᠠᠯᠴᠠᠭ᠎ᠠ ᠬᠦᠢᠴᠡᠳ ᠪᠤᠯᠤᠬᠰᠠᠨ ᠪᠦᠬᠡᠳ ᠰᠢᠨᠵᠢᠯᠡᠬᠦ ᠤᠬᠠᠭᠠᠨᠴᠢ ᠰᠢᠰᠲ᠋ᠧᠮ | ᠪᠤᠯᠤᠨ ᠠᠵᠢᠯᠯᠠᠭᠠᠨ ᠤ ᠬᠦᠷᠢᠶ᠎ᠡ ᠴᠠᠷᠠᠭ᠎ᠠ ᠪᠦᠷᠢᠯᠳᠤᠨ ᠲᠤᠬᠳᠠᠵᠠᠢ᠃ ᠲᠠᠶᠠᠭᠠᠷᠰᠢᠯ ᠤᠨ ᠡᠨᠡ ᠡᠷᠢᠨ ᠳᠤ᠂ | ᠤᠳᠤ ᠶᠢᠨ ᠨᠡᠶᠢᠬᠡᠮ ᠴᠠᠭ ᠦᠶ᠎ᠠ ᠶᠢᠨ ᠮᠡᠳᠡᠭᠡ ᠵᠠᠩᠬᠢ ᠶᠢᠨ ᠠᠴᠢᠶᠠᠯᠠᠬᠴᠢ ᠪᠤᠯᠤᠬᠰᠠᠨ ᠡᠳᠦᠷ ᠲᠤᠳᠤᠮ ᠤᠨ | ᠬᠡᠷᠡᠭᠯᠡᠬᠡᠨ ᠤ ᠮᠤᠩᠭᠤᠯ ᠲᠤᠯᠢ ᠪᠢᠴᠢᠭ ᠤᠳ ᠨᠢ ᠵᠦᠪᠬᠡᠨ ︽ᠲᠤᠯᠤᠭᠠᠢ ᠦᠬᠡ ᠪᠠᠷ ᠲᠤᠬᠢᠷᠠᠯᠴᠠᠭᠤᠯᠤᠨ ᠨᠡᠷᠡᠯᠡᠬᠦ︾ | ᠤᠯᠠᠮᠵᠢᠯᠠᠯᠳᠤ ᠮᠠᠶ᠋ᠢᠭ ᠢᠶᠠᠷ ᠢᠶᠠᠨ ᠪᠠᠶᠢᠬᠰᠠᠭᠠᠷ᠃ ᠨᠡᠩ ᠴᠤ ᠡᠬᠦᠨ ᠲᠠᠢ ᠡᠰᠡᠷᠬᠦ ᠪᠠᠷ ᠦᠢᠯᠡᠳᠦᠯ ᠬᠡᠷᠡᠭᠴᠡᠭᠡ ᠪᠦᠷᠢᠨ | ᠲᠡᠬᠦᠯᠳᠡᠷ᠂ ᠰᠢᠨ᠎ᠠ ᠦᠬᠡᠰ ᠤᠨ ᠤᠳᠭ᠎ᠠ ᠤᠴᠢᠷ ᠢ ᠦᠪᠡᠷ ᠤᠨ ᠡᠬᠡ ᠬᠡᠯᠡ ᠪᠠᠷ ᠢᠶᠠᠨ ᠲᠠᠶᠢᠯᠪᠤᠷᠢᠯᠠᠨ | ᠲᠤᠳᠤᠷᠬᠠᠶᠢᠯᠠᠬᠰᠠᠨ ᠲᠤᠯᠢ ᠪᠢᠴᠢᠭ ᠬᠠᠷᠠᠬᠠᠨ ᠬᠡᠪᠯᠡᠭᠳᠡᠭᠡ ᠦᠬᠡᠢ ᠪᠦᠬᠡᠳ ᠡᠨᠡ ᠲᠠᠯ᠎ᠡ ᠪᠠᠷ ᠬᠢ ᠬᠤᠭᠤᠰᠤᠨ ᠢ | ᠨᠦᠬᠦᠪᠦᠷᠢᠯᠡᠬᠦ ᠱᠠᠭᠠᠷᠳᠠᠯᠭ᠎ᠠ ᠮᠠᠰᠢ ᠲᠤᠯᠭᠠᠮ ᠪᠤᠯᠤᠭᠠᠳ ᠪᠤᠢ᠃ | ︽ᠲᠠᠶᠢᠯᠪᠤᠷᠢ ᠲᠤᠯᠢ︾ ᠶᠢᠨ ᠪᠦᠳᠦᠬᠡᠯᠴᠢ ᠦᠷᠳᠡᠭ | — ᠡᠷᠳᠡᠮᠳᠡᠨ ᠰᠦᠮᠪᠦᠷᠪᠠᠳᠤ᠂ ᠳ᠋ᠤᠺᠲ᠋ᠤᠷ ᠡ᠊ · ᠬᠠᠰᠳᠤᠶᠠᠭ᠎ᠠ᠂ ᠫᠷᠣᠹᠧᠰᠰᠣᠷ ᠬᠦᠷᠦᠬᠡᠴᠢᠨ ᠤ ᠬᠡᠷᠡᠯᠮᠡ | ᠨᠡᠷ ᠤᠨ ᠨᠠᠶᠢᠷᠠᠭᠤᠯᠤᠨ ᠲᠤᠯᠢᠯᠠᠭᠤᠯᠵᠤ ᠪᠤᠢ ︽ᠬᠢᠳᠡᠳ ᠮᠤᠩᠭᠤᠯ ᠰᠢᠨ᠎ᠠ ᠦᠬᠡᠰ ᠤᠨ ᠲᠠᠶᠢᠯᠪᠦᠷᠢ ᠲᠤᠯᠢ︾ ᠨᠢ | ᠴᠦᠬᠡᠨ ᠲᠤᠭᠠᠳᠤ ᠦᠨᠳᠦᠰᠦᠳᠡᠨ ᠨᠦᠭᠦᠳ ᠤᠨ ᠰᠢᠨ᠎ᠠ ᠦᠬᠡ ᠰᠢᠨ᠎ᠠ ᠨᠡᠷ᠎ᠡ ᠲᠤᠮᠢᠶᠠᠨ ᠤ ᠰᠤᠳᠤᠯᠭᠠᠨ ᠳᠤ | ᠪᠦᠳᠦᠬᠡᠯᠴᠢ ᠰᠠᠨᠠᠭ᠎ᠠ ᠰᠢᠨ᠎ᠠ ᠡᠬᠦᠳᠦᠯᠳᠡ ᠪᠦᠬᠦᠢ ᠡᠬᠢᠯᠡᠯ ᠪᠤᠯᠵᠤ ᠪᠦᠬᠦ᠋ᠢᠯᠠ ᠴᠦᠬᠡᠨ ᠲᠤᠭᠠᠳᠤ ᠦᠨᠳᠦᠰᠦᠳᠡᠨ ᠤ | ᠰᠢᠨ᠎ᠠ ᠦᠬᠡ ᠶᠢᠨ ᠰᠤᠳᠤᠯᠤᠯ ᠤᠨ ᠬᠦᠷᠢᠶᠠᠨ ᠳᠤ ᠯᠡᠪᠯᠡᠯᠳᠡ ᠠᠰᠢᠬᠯᠠᠯᠳᠠ ᠶᠢᠨ ᠪᠠ ᠲᠠᠭᠠᠭᠤᠯᠬᠤ ᠴᠢᠨᠡᠷᠳᠡᠢ | ᠢᠳᠡᠪᠬᠢ ᠨᠦᠯᠦᠬᠡ ᠦᠵᠡᠬᠦᠯᠬᠦ ᠪᠤᠯᠤᠨ᠎ᠠ ᠬᠡᠵᠤ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ | ᠫᠷᠣᠹᠧᠰᠰᠣᠷ ᠳ᠋ᠠᠢ ᠴᠢᠩ ᠰᠢᠶᠠ ᠲᠤᠰ ︽ᠲᠠᠶᠢᠯᠪᠤᠷᠢ ᠲᠤᠯᠢ︾ ᠶᠢ ᠦᠨᠡᠯᠡᠭᠰᠡᠨ ᠶᠤᠮ᠃ | ᠲᠤᠰ ᠲᠤᠯᠢ ᠪᠢᠴᠢᠭ ᠤᠨ ᠤᠨᠴᠠᠯᠢᠭ ᠠᠴᠠ ᠦᠵᠡᠪᠡᠯ᠂ ᠠᠰᠢᠬᠯᠠᠬᠰᠠᠨ ᠡᠬᠡ ᠮᠠᠲ᠋ᠧᠷᠢᠶᠠᠯ ᠨᠢ ᠨᠦᠯᠦᠬᠡ | ᠲᠤᠰᠬᠠᠯ ᠢᠶᠠᠷ ᠰᠠᠶᠢᠨ ᠪᠠᠶᠢᠲᠠᠭ᠃ ᠨᠠᠶᠢᠷᠠᠭᠤᠯᠬᠤ ᠺᠤᠮᠢᠰ ᠤᠨ ᠬᠢᠨ ᠰᠢᠨ᠎ᠠ ᠦᠬᠡᠰ ᠢ ᠰᠤᠩᠭᠤᠬᠤ ᠳᠠᠭᠠᠨ ᠲᠤᠮᠳᠠᠳᠤ | ᠤᠯᠤᠰ ᠤᠨ ᠲᠤᠯᠢ ᠪᠢᠴᠢᠭ ᠤᠨ ᠲᠦᠷᠪᠡᠨ ᠲᠤᠮᠤ ᠬᠡᠪᠯᠡᠯ ᠤᠨ ᠬᠤᠷᠢᠶ᠎ᠠ ︵ᠱᠠᠩ ᠡᠦ ᠬᠡᠪᠯᠡᠯ ᠤᠨ ᠬᠤᠷᠢᠶ᠎ᠠ᠂ | ᠲᠤᠮᠳᠠᠳᠤ ᠤᠯᠤᠰ ᠤᠨ ᠨᠡᠪᠳᠡᠷᠬᠡᠢ ᠲᠤᠯᠢ ᠪᠢᠴᠢᠭ ᠤᠨ ᠬᠡᠪᠯᠡᠯ ᠤᠨ ᠬᠤᠷᠢᠶ᠎ᠠ᠂ ᠱᠠᠩᠬᠠᠢ ᠶᠢᠨ ᠲᠤᠯᠢ ᠪᠢᠴᠢᠭ ᠤᠨ | ᠬᠡᠪᠯᠡᠯ ᠤᠨ ᠬᠤᠷᠢᠶ᠎ᠠ ᠪᠤᠯᠤᠨ ᠰᠧᠴᠤᠸᠠᠨ ᠤ ᠲᠤᠯᠢ ᠪᠢᠴᠢᠭ ᠤᠨ ᠬᠡᠪᠯᠡᠯ ᠤᠨ ᠬᠤᠷᠢᠶ᠎ᠠ︶ ᠶᠢᠨ ᠰᠡᠬᠦᠯᠴᠢ ᠶᠢᠨ | ᠦᠶ᠎ᠠ ᠶᠢᠨ ᠬᠠᠮᠤᠭ ᠤᠨ ᠰᠢᠨ᠎ᠠ ᠬᠡᠪᠯᠡᠯ ᠤᠨ ᠰᠢᠨ᠎ᠠ ᠦᠬᠡᠰ ᠤᠨ ᠲᠤᠯᠢ ᠨᠤᠭᠤᠳ ᠢ ᠠᠰᠢᠬᠯᠠᠬᠰᠠᠨ ᠪᠠᠶᠢᠲᠠᠭ᠃ | ᠠᠭᠤᠯᠭ᠎ᠠ ᠶᠢᠨ ᠲᠠᠯ᠎ᠠ ᠪᠠᠷ ᠰᠢᠨᠡᠯᠢᠭ ᠤᠨᠴᠠᠯᠢᠭ ᠲᠠᠢ᠃ ᠲᠤᠰ ᠲᠤᠯᠢ ᠨᠢ ᠮᠠᠨ ᠤ ᠤᠯᠤᠰ ᠤᠨ ᠦᠬᠡᠷᠡᠴᠢᠯᠠᠯᠳᠠ | ᠨᠡᠬᠡᠬᠡᠯᠳᠡ ᠠᠴᠠ ᠨᠠᠭᠠᠰᠢᠬᠢ ᠲᠦᠴᠢᠬᠡᠳ ᠵᠢᠯ ᠤᠨ ᠬᠤᠭᠤᠴᠠᠭᠠᠨ ᠳᠤ ᠪᠤᠢ ᠪᠤᠯᠤᠬᠰᠠᠨ ᠨᠡᠶᠢᠬᠡᠮ ᠤᠨ ᠬᠡᠷᠡᠭᠯᠡᠬᠡᠨ ᠤ | ᠦᠬᠡ᠂ ᠰᠢᠨ᠎ᠠ ᠦᠬᠡ᠂ ᠨᠡᠷ᠎ᠠ ᠲᠤᠮᠢᠶ᠎ᠠ ᠵᠢᠴᠢ ᠰᠢᠨ᠎ᠠ ᠦᠬᠡᠰ ᠲᠠᠢ ᠬᠤᠯᠪᠤᠬᠳᠠᠯ ᠪᠦᠬᠦᠢ ᠮᠡᠳᠡᠭᠡ ᠵᠠᠩᠬᠢ ᠶᠢ | ᠬᠠᠮᠤᠷᠤᠭᠤᠯᠤᠬᠰᠠᠨ ᠨᠢ ᠦᠬᠡᠰ ᠤᠨ ᠰᠠᠩ᠂ ᠨᠡᠷ᠎ᠠ ᠲᠤᠮᠢᠶᠠᠨ ᠤ ᠬᠦᠷᠢᠶᠠᠨ ᠳᠤ ᠰᠢᠨ᠎ᠠ ᠠᠭᠤᠷ ᠠᠮᠢᠰᠬᠤᠯ ᠢ ᠪᠤᠢ | ᠪᠤᠯᠭᠠᠵᠦ᠂ ᠰᠢᠨ᠎ᠠ ᠰᠠᠨᠠᠭ᠎ᠠ ᠪᠤᠳᠤᠯ ᠢ ᠲᠦᠷᠦᠬᠦᠯᠦᠭᠰᠡᠨ ᠪᠠᠶᠢᠨ᠎ᠡ᠃ | ᠲᠤᠰ ︽ᠲᠠᠶᠢᠯᠪᠦᠷᠢ ᠲᠤᠯᠢ︾ ᠨᠢ ᠠᠩᠬᠠᠨ ᠤ ᠬᠡᠪᠯᠡᠯ ᠤᠨ ᠵᠠᠷᠢᠮ ᠠᠭᠤᠯᠭ᠎ᠠ ᠳᠠᠭᠠᠨ ᠨᠠᠯᠢᠶᠠᠳ ᠶᠡᠭᠡ ᠵᠠᠰᠠᠯᠳᠠ | ᠤᠷᠤᠭᠤᠯᠤᠬᠰᠠᠨ ᠪᠦᠬᠡᠳ ᠵᠠᠰᠠᠨ ᠰᠢᠨᠡᠴᠢᠯᠡᠭᠰᠡᠨ᠂ ᠬᠠᠰᠤᠬᠰᠠᠨ᠂ ᠨᠡᠮᠡᠭᠰᠡᠨ ᠵᠡᠷᠬᠡ ᠠᠭᠤᠯᠭ᠎ᠠ ᠨᠢ 70% ᠶᠢ | ᠲᠠᠪᠠᠵᠤ᠂ ᠮᠠᠨ ᠤ ᠤᠯᠤᠰ ᠤᠨ ᠦᠬᠡᠷᠡᠴᠢᠯᠠᠯᠳᠠ ᠨᠡᠬᠡᠬᠡᠯᠳᠡ ᠠᠴᠠ ᠨᠠᠭᠠᠰᠢᠬᠢ ᠲᠦᠴᠢᠬᠡᠳ ᠵᠢᠯ ᠤᠨ | ᠬᠤᠭᠤᠴᠠᠭᠠᠨ ᠳᠤ ᠪᠤᠢ ᠪᠤᠯᠤᠬᠰᠠᠨ 20000 ᠭᠠᠷᠤᠢ ᠨᠡᠶᠢᠬᠡᠮ ᠤᠨ ᠬᠡᠷᠡᠭᠯᠡᠬᠡᠨ ᠤ ᠦᠬᠡ᠂ ᠰᠢᠨ᠎ᠠ ᠦᠬᠡ᠂ ᠨᠡᠷ᠎ᠠ | ᠲᠤᠮᠢᠶ᠎ᠠ ᠵᠢᠴᠢ ᠰᠢᠨ᠎ᠠ ᠦᠬᠡᠰ ᠲᠠᠢ ᠬᠤᠯᠪᠤᠬᠳᠠᠯ ᠪᠦᠬᠦᠢ ᠮᠡᠳᠡᠭᠡ ᠵᠠᠩᠬᠢ ᠶᠢ ᠬᠠᠮᠤᠷᠤᠬᠰᠠᠨ ᠪᠠᠶᠢᠨ᠎ᠠ᠃ | ᠴᠠᠭ ᠦᠶ᠎ᠠ ᠲᠠᠢ ᠵᠤᠬᠢᠴᠠᠬᠰᠠᠨ ᠤᠨᠴᠠᠯᠢᠭ ᠲᠠᠢ᠃ ᠲᠤᠰ ︽ᠲᠠᠶᠢᠯᠪᠦᠷᠢ ᠲᠤᠯᠢ︾ ᠨᠢ ᠠᠩᠬᠠᠨ ᠤ | ᠬᠡᠪᠯᠡᠯ ᠳᠡᠭᠡᠨ ᠵᠠᠰᠠᠯᠳᠠ ᠤᠷᠤᠭᠤᠯᠤᠬᠰᠠᠨ ᠰᠠᠭᠤᠷᠢᠨ ᠲᠡᠭᠡᠷ᠎ᠡ᠂ ᠮᠠᠨ ᠤ ᠤᠯᠤᠰ ᠤᠨ ᠰᠤᠷᠭᠠᠨ ᠬᠦᠮᠦᠵᠢᠯ ᠤᠨ | ᠶᠠᠮᠤᠨ ᠤ ᠦᠬᠡ ᠬᠡᠯᠡ ᠦᠰᠦᠭ ᠪᠢᠴᠢᠭ ᠤᠨ ᠮᠠᠳᠡᠭᠡ ᠵᠠᠩᠬᠢ ᠶᠢᠨ ᠬᠠᠮᠢᠶᠠᠷᠤᠯᠳᠠ ᠶᠢᠨ ᠵᠤᠷᠭᠠᠨ ᠠᠴᠠ ᠰᠡᠳᠦᠵᠤ᠂ | ᠱᠠᠩ ᠡᠦ ᠬᠡᠪᠯᠡᠯ ᠤᠨ ᠬᠤᠷᠢᠶᠠᠨ ᠠᠴᠠ ᠬᠡᠪᠯᠡᠬᠦᠯᠦᠭᠰᠡᠨ ︽ᠬᠢᠳᠡᠳ ᠬᠡᠯᠡᠨ ᠤ ᠰᠢᠨ᠎ᠠ ᠦᠬᠡᠰ︾ ︵ᠲᠤᠮᠳᠠᠳᠤ | ᠤᠯᠤᠰ ᠤᠨ ︽ᠬᠡᠯᠡᠨ ᠤ ᠠᠮᠢᠳᠦᠷᠠᠯ︾ ᠬᠡᠬᠦ ᠨᠤᠭᠤᠭᠠᠨ ᠬᠠᠪᠢᠰᠤ ᠲᠠᠢ ᠨᠤᠮ︶ ᠤᠨ 2006 ᠤᠨ ᠠᠴᠠ 2016 | ᠤᠨ ᠬᠦᠷᠳᠡᠯᠡᠬᠢ 11 ᠵᠢᠯ ᠤᠨ ᠬᠤᠭᠤᠴᠠᠭᠠᠨ ᠤ ᠤᠨ ᠲᠠᠷᠠᠭᠠᠯᠠᠬᠰᠠᠨ ᠲᠠᠶᠢᠯᠪᠦᠷᠢ ᠲᠤᠯᠢ ᠪᠠᠷ ᠡᠬᠡ ᠮᠠᠲ᠋ᠧᠷᠢᠶᠠᠯ | ᠪᠤᠯᠭᠠᠵᠦ᠂ ᠲᠠᠶᠢᠯᠪᠤᠷᠢ ᠶᠢ ᠨᠢ ᠤᠷᠴᠢᠭᠤᠯᠬᠤ ᠶᠢᠨ ᠲᠠᠭᠠᠤ ᠲᠤᠯᠤᠭᠠᠢ ᠦᠬᠡ ᠶᠢ ᠨᠢ ᠮᠤᠩᠭᠤᠯ ᠬᠡᠯᠡ ᠪᠠᠷ ᠢᠶᠠᠨ | ᠤᠨᠤᠭᠠᠨ ᠨᠠᠷᠠᠯᠡᠵᠤ᠂ ᠲᠠᠬᠢᠨ ᠲᠠᠪᠳᠠᠨ ᠬᠢᠨᠠᠨ ᠪᠤᠯᠪᠠᠰᠤᠷᠠᠭᠤᠯᠤᠬᠰᠠᠨ ᠤ ᠡᠴᠦᠰ ᠲᠤ ᠡᠨᠡ ᠬᠦ ᠴᠠᠭ ᠦᠶ᠎ᠠ ᠲᠠᠢ | ᠵᠤᠬᠢᠴᠠᠬᠰᠠᠨ ᠲᠤᠯᠢ ᠪᠢᠴᠢᠭ ᠢ ᠨᠠᠶᠢᠷᠠᠭᠤᠯᠤᠬᠰᠠᠨ ᠪᠠᠶᠢᠨ᠎ᠠ᠃ | ᠲᠤᠯᠢ ᠪᠢᠴᠢᠭ ᠤᠨ ᠬᠡᠪ ᠵᠠᠬᠪᠤᠷ ᠲᠤ ᠨᠡᠬᠡᠬᠡᠯᠳᠡ ᠬᠢᠵᠡᠢ᠃ ᠲᠤᠰ ︽ᠲᠠᠶᠢᠯᠪᠤᠷᠢ ᠲᠤᠯᠢ︾ ᠨᠢ ᠰᠢᠨ᠎ᠠ | ᠦᠬᠡ ᠶᠢᠨ ᠢᠷᠠᠯ ᠭᠠᠷᠤᠯ ᠵᠢᠴᠢ ᠤᠳᠭ᠎ᠠ ᠰᠠᠨᠠᠭᠠᠨ ᠳᠤ ᠲᠤᠪᠴᠢ ᠲᠤᠲᠤᠷᠠᠭᠤᠨ ᠲᠠᠶᠢᠯᠪᠤᠷᠢ ᠬᠢᠬᠦ ᠶᠢᠨ ᠬᠠᠮᠳᠤ | ᠤᠭ ᠦᠬᠡ ᠶᠢᠨ ᠰᠠᠨᠠᠭ᠎ᠠ᠂ ᠰᠤᠶᠤᠯ ᠤᠨ ᠠᠭᠤᠯᠬᠤᠨ ᠢ ᠲᠤᠭᠤᠷᠠᠳᠠᠯ᠎ᠠ ᠲᠠᠶᠢᠯᠪᠦᠷᠢᠯᠠᠵᠦ᠂ ᠦᠬᠡ ᠶᠢ ᠤᠨᠤᠭᠠᠨ | ᠲᠠᠶᠢᠯᠪᠦᠷᠢᠯᠠᠵᠦ᠂ ᠬᠢᠲᠠᠳ ᠮᠤᠩᠭᠤᠯ ᠬᠤᠤᠰ ᠬᠡᠯᠡᠨ ᠤ ᠦᠬᠡᠰ ᠤᠨ ᠠᠭᠤᠯᠭ᠎ᠠ ᠤᠳᠭ᠎ᠠ ᠶᠢᠨ ᠢᠵᠢᠯ ᠤᠨᠲᠤᠤ | ᠰᠢᠨᠵᠢ ᠶᠢ ᠠᠳᠬᠤᠵᠦ ᠴᠢᠲᠠᠬᠰᠠᠨ ᠪᠠᠶᠢᠨ᠎ᠠ᠃ | ᠡᠬᠦᠨ ᠤ ᠲᠤᠬᠠᠢ ᠲᠤᠰ ᠲᠤᠯᠢ ᠪᠢᠴᠢᠭ ᠤᠨ ᠭᠤᠤᠯᠯᠠᠨ ᠨᠠᠶᠢᠷᠠᠭᠤᠯᠤᠬᠴᠢ ᠰᠦᠮᠪᠦᠷᠪᠡᠳᠤ᠄ ︽ᠦᠩᠬᠡᠷᠡᠭᠰᠡᠨ ᠤ | ᠵᠠᠷᠢᠮ ᠲᠤᠯᠢ ᠪᠢᠴᠢᠭ ᠤᠳ ᠵᠦᠪᠬᠡᠨ ᠬᠢᠳᠡᠳ ᠬᠡᠯᠡᠨ ᠤ ᠲᠤᠯᠤᠭᠠᠢ ᠦᠬᠡ ᠶᠢᠨ ᠦᠬᠡ ᠦᠰᠦᠭ ᠢ ᠮᠦᠷᠳᠡᠨ | ᠤᠨᠤᠭᠠᠨ ᠨᠡᠷᠡᠯᠡᠳᠡᠭ ᠪᠤᠯᠬᠤᠷ ᠲᠤᠬᠠᠢ ᠶᠢᠨ ᠰᠢᠨ᠎ᠠ ᠦᠬᠡ ᠶᠢᠨ ᠤᠳᠭ᠎ᠠ ᠶᠢ ᠤᠨᠤᠪᠴᠢᠳᠠᠢ ᠢᠯᠡᠳᠭᠡᠵᠤ ᠴᠢᠳᠠᠬᠤ | ᠦᠬᠡᠢ ᠪᠤᠶᠤ ᠪᠠᠯᠠᠷᠬᠠᠢ ᠪᠤᠯᠭᠠᠵᠤ᠂ ᠵᠠᠷᠢᠮ ᠦᠬᠡ ᠶᠢᠨ ᠤᠭ ᠰᠠᠨᠠᠭ᠎ᠠ᠂ ᠠᠴᠢᠶᠠᠯᠠᠵᠤ ᠪᠠᠶᠢᠭ᠎ᠠ ᠰᠤᠷᠠᠭ ᠵᠠᠩᠬᠢ ᠪᠠ | ᠰᠤᠶᠤᠯ ᠵᠠᠩᠰᠢᠯ ᠤᠨ ᠠᠭᠤᠯᠬᠤᠨ ᠬᠢᠬᠡᠳ ᠰᠡᠳᠭᠢᠯᠬᠡᠨ ᠤ ᠬᠠᠨᠳᠤᠰᠢ ᠵᠡᠷᠬᠡ ᠶᠢ ᠪᠦᠷᠢᠨ ᠬᠦᠢᠴᠡᠳ ᠢᠯᠡᠳᠭᠡᠵᠤ | ᠴᠢᠳᠠᠬᠤ ᠦᠬᠡᠢ ᠤᠯᠠᠮ ᠠᠴᠠ ᠦᠬᠡ ᠶᠢᠨ ᠤᠨᠤᠭᠠᠯᠳᠠ ᠶᠢ ᠮᠤᠩᠭᠤᠯ ᠬᠡᠯᠡ ᠲᠡᠭᠡᠷ᠎ᠡ ᠶᠠᠭ ᠲᠠᠭ ᠲᠤᠬᠢᠷᠠᠯᠴᠠᠭᠤᠯᠵᠦ | ᠴᠢᠲᠠᠬᠤ ᠦᠬᠡᠢ ᠵᠡᠷᠭᠡ ᠠᠰᠠᠭᠤᠲᠠᠯ ᠤᠷᠤᠰᠢᠵᠦ ᠪᠠᠶᠢᠬᠰᠠᠨ ᠶᠤᠮ᠃ ᠤᠷᠢᠳ ᠤᠨ ᠬᠡᠪᠯᠡᠭᠳᠡᠭᠰᠡᠨ ᠬᠢᠳᠡᠳ ᠮᠤᠩᠭᠤᠯ | ᠲᠤᠯᠢ ᠪᠢᠴᠢᠭ ᠨᠢ ᠪᠠᠷᠤᠭ ᠪᠦᠬᠦᠨ ᠢᠶᠠᠷ ᠢᠶᠠᠨ ᠵᠦᠪᠬᠡᠨ ᠲᠤᠯᠤᠭᠠᠢ ᠦᠬᠡ ᠶᠢ ᠯᠡ ᠤᠷᠴᠢᠭᠤᠯᠤᠭᠠᠳ ᠨᠡᠷᠡᠯᠡᠭᠰᠡᠨ | ᠰᠢᠨᠵᠢᠳᠡᠢ᠃ ᠡᠶᠢᠮᠦᠷᠬᠦᠦ ᠵᠠᠬᠪᠤᠷ ᠤᠨ ᠲᠤᠯᠢ ᠪᠢᠴᠢᠭ ᠨᠢ ᠲᠤᠬᠳᠠᠬᠰᠠᠨ ᠬᠡᠪ ᠮᠠᠶ᠋ᠢᠭ ᠲᠠᠭᠠᠨ ᠬᠡᠳᠤ | ᠪᠠᠷᠢᠬᠳᠠᠳᠠᠭ ᠠᠴᠠ ᠰᠢᠨ᠎ᠠ ᠪᠠᠷ ᠪᠤᠢ ᠪᠤᠯᠤᠬᠰᠠᠨ ᠬᠢᠳᠡᠳ ᠲᠤᠯᠤᠭᠠᠢ ᠦᠬᠡᠰ ᠤᠨ ᠢᠷᠠᠯ ᠭᠠᠷᠤᠯ᠂ ᠤᠷᠴᠢᠨ | ᠨᠦᠬᠦᠴᠡᠯ ᠵᠡᠷᠬᠡ ᠶᠢ ᠲᠤᠳᠤᠷᠬᠠᠶᠢᠯᠠᠵᠤ ᠴᠢᠳᠠᠳᠠᠭ ᠦᠬᠡᠢ ᠪᠦᠬᠡᠳ ᠢᠯᠠᠩᠭᠤᠶ᠎ᠠ ᠮᠤᠩᠭᠤᠯ ᠤᠷᠴᠢᠭᠤᠯᠭ᠎ᠠ ᠪᠤᠶᠤ | ᠤᠨᠤᠭᠠᠯᠳᠠ ᠨᠡᠷᠡᠯᠡᠯᠳᠡ ᠶᠢᠨ ᠲᠠᠯ᠎ᠠ ᠪᠠᠷ ᠮᠠᠰᠢ ᠬᠢᠵᠠᠭᠠᠷᠳᠠᠮᠠᠯ ᠪᠠᠶᠢᠳᠠᠭ︾ ᠬᠡᠵᠡᠢ᠃ | ᠲᠡᠬᠦᠨ ᠤ ᠦᠵᠡᠬᠦ ᠪᠠᠷ᠂ ᠬᠡᠯᠡᠨ ᠤ ᠬᠡᠷᠡᠭᠯᠡᠬᠡᠨ ᠤ ᠭᠠᠷ ᠠᠪᠤᠯᠭ᠎ᠠ ᠶᠢᠨ ᠰᠢᠨᠵᠢᠳᠡᠢ ᠬᠡᠪᠯᠡᠭᠳᠡᠬᠦᠨ ᠪᠤᠯᠤᠬᠰᠠᠨ ᠤ | ᠬᠤᠪᠢ ᠳᠤ᠂ ᠲᠤᠯᠢ ᠪᠢᠴᠢᠭ ᠤᠨ ᠰᠢᠨᠠᠴᠢᠯᠠᠯᠳᠠ ᠨᠢ ᠮᠠᠰᠢ ᠤᠳᠠᠭᠠᠨ ᠪᠠᠶᠢᠵᠦ᠂ ᠪᠠᠷᠤᠭ 10 — 20 ᠵᠢᠯ ᠳᠤ | ᠨᠢᠬᠡ ᠤᠳᠠᠭ᠎ᠠ ᠰᠢᠨᠡᠴᠢᠯᠡᠭᠳᠡᠳᠡᠭ ᠪᠠᠶᠢᠨ᠎ᠠ᠃ ᠤᠨᠴᠠᠭᠠᠶᠢᠯᠠᠨ ᠲᠤᠷᠠᠳᠬᠤ ᠳᠤ ᠨᠢᠷᠤᠭᠤ ᠪᠤᠯᠵᠤ ᠪᠠᠶᠢᠭ᠎ᠠ ᠵᠠᠷᠢᠮ | ᠲᠤᠯᠢ ᠪᠢᠴᠢᠭ ᠤᠨ ᠰᠢᠨᠡᠴᠢᠯᠡᠭᠳᠡᠨ ᠬᠡᠪᠯᠡᠭᠳᠡᠬᠦ ᠬᠤᠭᠤᠴᠠᠭ᠎ᠠ ᠬᠡᠳᠤ ᠤᠷᠳᠤ ᠪᠠᠶᠢᠳᠠᠭ ᠠᠴᠠ ᠰᠢᠨ᠎ᠠ ᠪᠠᠷ ᠪᠤᠢ ᠪᠤᠯᠵᠤ | ᠪᠠᠶᠢᠭ᠎ᠠ ᠤᠯᠠᠨ ᠦᠬᠡᠰ ᠴᠠᠭ ᠲᠤᠬᠠᠢ ᠳᠤᠨᠢ ᠬᠠᠮᠤᠷᠤᠬᠳᠠᠨ ᠤᠷᠤᠵᠤ ᠴᠢᠳᠠᠬᠤ ᠦᠬᠡᠢ᠂ ᠨᠡᠶᠢᠬᠡᠮ ᠴᠠᠭ ᠦᠶ᠎ᠠ ᠶᠢᠨ | ᠬᠦᠭᠵᠢᠯᠳᠠ᠂ ᠰᠢᠨᠵᠢᠯᠡᠬᠦ ᠤᠬᠠᠭᠠᠨ ᠤ ᠲᠠᠪᠰᠢᠯᠳᠠ ᠶᠢᠨ ᠲᠤᠬᠠᠢ ᠮᠠᠳᠠᠷᠠᠮᠵᠢ ᠮᠠᠭᠤᠳᠠᠢ ᠪᠠᠶᠢᠳᠠᠭ ᠤᠨ ᠬᠠᠷᠠᠭ᠎ᠠ ᠪᠠᠷ | ᠤᠩᠰᠢᠬᠴᠢᠳ ᠲᠤ ᠰᠢᠨ᠎ᠠ ᠮᠡᠳᠡᠭᠡ ᠵᠠᠩᠬᠢ ᠶᠢ ᠦᠭᠬᠦ ᠲᠠᠯ᠎ᠠ ᠪᠠᠷ ᠢᠮᠠᠬᠳᠠ ᠬᠤᠵᠢᠭᠤᠳᠠᠵᠤ ᠪᠠᠶᠢᠳᠠᠭ᠃ ᠬᠠᠭᠤᠴᠢᠨ | ᠵᠠᠬᠪᠤᠷ ᠲᠤ ᠪᠠᠷᠢᠬᠲᠠᠬᠰᠠᠨ ᠲᠤᠯᠢ ᠪᠢᠴᠢᠭ ᠤᠳ ᠨᠢ ᠲᠡᠬᠦᠨ ᠤ ᠬᠢᠵᠠᠭᠠᠷᠲᠠᠮᠠᠯ ᠲᠠᠯ᠎ᠠ ᠠᠴᠠ ᠪᠠᠨ ᠪᠤᠯᠵᠦ᠂ ᠤᠳᠤ | ᠴᠠᠭ ᠤᠨ ᠰᠢᠨ᠎ᠠ ᠰᠢᠨ᠎ᠠ ᠮᠡᠳᠡᠭᠡ ᠵᠠᠩᠬᠢ ᠶᠢ ᠲᠤᠯᠢ ᠠᠰᠢᠬᠯᠠᠬᠴᠢᠳ ᠲᠤ ᠲᠠᠷᠬᠠᠭᠠᠨ ᠲᠡᠯᠬᠡᠷᠡᠬᠦᠯᠵᠦ ᠴᠢᠲᠠᠬᠤ ᠦᠬᠡᠢ | ᠪᠠᠶᠢᠭ᠎ᠠ ᠨᠢ ᠮᠡᠳᠡᠭᠡᠵᠢ᠃ ᠡᠶᠢᠨ ᠬᠦ᠂ ᠲᠠᠳᠡ ᠲᠤᠰ ︽ᠲᠠᠶᠢᠯᠪᠤᠷᠢ ᠲᠤᠯᠢ︾ ᠶᠢ ᠨᠠᠶᠢᠷᠠᠭᠤᠯᠬᠤ ᠳᠠᠭᠠᠨ ᠬᠠᠭᠤᠴᠢᠨ | ᠵᠠᠬᠪᠤᠷ ᠤᠨ ᠰᠡᠳᠭᠢᠮᠵᠢ ᠶᠢ ᠪᠦᠷᠢᠮᠦᠰᠦᠨ ᠡᠪᠳᠡᠭᠰᠡᠨ ᠪᠠᠶᠢᠨ᠎ᠠ᠃ | ᠮᠡᠳᠡᠯᠬᠡ ᠶᠢᠨ ᠠᠴᠢᠶᠠᠯᠠᠪᠤᠷᠢ ᠶᠡᠬᠡᠳᠡᠢ᠃ ᠶᠠᠷᠦᠩᠬᠡᠶᠢᠯᠡᠭᠰᠡᠨ ᠴᠢᠨᠡᠷᠳᠡᠢ ᠲᠤᠯᠢ ᠪᠢᠴᠢᠭ ᠢ ᠨᠠᠶᠢᠷᠠᠭᠤᠯᠬᠤ ᠳᠤ᠂ | ᠨᠠᠶᠢᠳᠠ ᠶᠢᠨ ᠬᠡᠷᠡᠭᠯᠡᠬᠡᠨ ᠤ ᠮᠡᠳᠡᠯᠬᠡ ᠶᠢ ᠬᠠᠪᠰᠤᠷᠭᠠᠬᠤ ᠨᠢ ᠲᠤᠯᠢ ᠪᠢᠴᠢᠭ ᠢᠶᠠᠨ ᠦᠪᠡᠷᠮᠢᠴᠡ ᠤᠨᠴᠠᠯᠢᠭ ᠲᠠᠢ | ᠪᠤᠯᠭᠠᠨ ᠨᠠᠶᠢᠷᠠᠭᠤᠯᠤᠨ ᠪᠦᠳᠦᠬᠡᠬᠦ ᠶᠢᠨ ᠭᠤᠤᠯ ᠨᠦᠬᠦᠴᠡᠯ ᠨᠢ ᠪᠤᠯᠤᠨ᠎ᠠ ᠬᠡᠳᠡᠭ ᠢ ᠲᠤᠰ ᠲᠤᠯᠢ ᠪᠢᠴᠢᠭ ᠤᠨ ᠬᠤᠷᠢ | ᠭᠠᠷᠤᠢ ᠬᠠᠪᠰᠤᠷᠤᠯᠳᠠ ᠠᠴᠠ ᠤᠯᠵᠤ ᠬᠠᠷᠠᠵᠤ ᠪᠤᠯᠤᠨ᠎ᠠ᠃ | ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠫᠷᠣᠹᠧᠰᠰᠣᠷ ᠬᠠᠰᠡᠷᠳᠡᠨᠢ᠄ ︽ᠡᠨᠡ ᠬᠦ ᠲᠤᠯᠢ | ᠪᠢᠴᠢᠭ ᠤᠨ ᠬᠢᠳᠡᠳ ᠰᠢᠨ᠎ᠠ ᠦᠬᠡᠰ ᠤᠨ ᠶᠡᠬᠡᠩᠬᠢ ᠨᠢ ᠰᠢᠨᠵᠢᠯᠡᠬᠦ ᠤᠬᠠᠭᠠᠨ ᠤ ᠤᠯᠠᠨ ᠰᠠᠯᠪᠦᠷᠢ ᠶᠢ ᠲᠡᠮᠨᠠᠵᠤ | ᠪᠠᠶᠢᠳᠠᠭ ᠤᠨᠴᠠᠯᠢᠭ ᠲᠠᠢ᠂ ᠡᠶᠢᠮᠦ ᠠᠴᠠ ᠲᠤᠯᠤᠭᠠᠢ ᠦᠬᠡ ᠪᠠᠨ ᠰᠤᠩᠭᠤᠬᠤ ᠳᠤ ᠲᠡᠬᠦᠨ ᠤ ᠨᠡᠶᠢᠬᠡᠮ ᠤᠨ | ᠬᠡᠷᠡᠭᠯᠡᠬᠡᠨ ᠤ ᠦᠨ᠎ᠠ ᠴᠠᠨ᠎ᠠ ᠪᠤᠯᠤᠨ ᠦᠷ᠎ᠠ ᠨᠦᠯᠦᠬᠡ ᠶᠢ ᠬᠦᠨᠳᠦᠳᠭᠡᠨ ᠠᠯᠢ ᠴᠢᠳᠡᠬᠤ ᠪᠠᠷ ᠠᠷᠠᠳ ᠤᠯᠠᠨ ᠤ | ᠡᠳᠦᠷ ᠲᠤᠳᠤᠮ ᠤᠨ ᠠᠮᠢᠳᠦᠷᠠᠯ ᠲᠠᠢ ᠰᠢᠭᠤᠳ ᠬᠤᠯᠪᠤᠬᠳᠠᠬᠰᠠᠨ ᠦᠬᠡᠰ ᠢ ᠰᠤᠩᠭᠤᠨ ᠠᠪᠤᠬᠰᠠᠨ ᠪᠠᠶᠢᠲᠠᠭ᠃ | ᠡᠨᠡ ᠲᠠᠯ᠎ᠠ ᠨᠢ ᠦᠨᠡᠯᠡᠬᠦᠰᠢᠳᠡᠢ᠃ ᠡᠶᠢᠨ ᠬᠦ᠂ ᠲᠤᠰ ︿ᠲᠠᠶᠢᠯᠪᠤᠷᠢ ᠲᠤᠯᠢ﹀ ᠨᠢ ᠨᠡᠶᠢᠮᠡᠨ ᠮᠤᠵᠢ ᠤᠷᠤᠨ ᠤ | ᠮᠤᠩᠭᠤᠯ ᠬᠡᠯᠡᠨ ᠤ ᠰᠢᠨ᠎ᠠ ᠦᠬᠡ ᠰᠢᠨ᠎ᠠ ᠨᠡᠷ᠎ᠡ ᠲᠤᠮᠢᠶᠠᠨ ᠤ ᠬᠦᠷᠢᠶ᠎ᠠ ᠴᠠᠷᠠᠭ᠎ᠠ ᠶᠢ ᠲᠠᠯᠠᠬᠦ ᠵᠢᠴᠢ ᠤᠷᠴᠢᠭᠤᠯᠬᠤ | ᠴᠢᠳᠡᠪᠦᠷᠢ ᠶᠢ ᠲᠡᠬᠡᠭᠰᠢᠯᠡᠬᠦᠯᠬᠦ ᠳᠤ ᠢᠳᠡᠪᠬᠢ ᠨᠦᠯᠦᠬᠡ ᠦᠵᠡᠬᠦᠯᠬᠦ ᠪᠠᠷ ᠪᠠᠷᠠᠬᠤ ᠦᠬᠡᠢ᠂ ᠪᠤᠰᠤᠳ ᠴᠦᠬᠡᠨ | ᠲᠤᠭᠠᠳᠤ ᠦᠨᠳᠦᠰᠦᠳᠡᠨ ᠤ ᠦᠰᠦᠭ ᠪᠢᠴᠢᠭ ᠤᠨ ᠠᠵᠢᠯ ᠤᠨ ᠨᠤᠮ ᠪᠦᠳᠦᠬᠡᠯ ᠲᠤᠭᠤᠷᠪᠢᠬᠤ ᠳᠤ ᠯᠠᠪᠯᠠᠯᠳᠠ ᠪᠤᠯᠬᠤ | ᠠᠴᠢ ᠬᠤᠯᠪᠤᠬᠳᠠᠯ ᠲᠠᠢ︾ ᠬᠡᠵᠡᠢ᠃ | |