ᠠᠯᠢ ᠨᠢᠭᠡᠨ ᠡᠳᠦᠷ ᠥᠪᠡᠷ ᠢᠶᠠᠨ ᠴᠤ ᠨᠢᠭᠡ ᠪᠠᠭᠰᠢ ᠪᠣᠯᠴᠢᠬᠠᠭᠠᠳ ᠣᠯᠠᠨ ᠱᠠᠪᠢ ᠲᠠᠢ ᠪᠣᠯᠤᠨ᠎ᠠ ᠭᠡᠵᠦ | ᠶᠣᠰᠤᠲᠠᠢ ᠠᠷᠪᠠᠨ ᠵᠡᠭᠦᠳᠦᠨ ᠳᠤ ᠴᠤ ᠪᠠᠶᠢᠭ᠎ᠠ ᠦᠭᠡᠢ᠃ ᠪᠢ ᠪᠣᠯ ᠨᠢᠭᠡᠨ ᠪᠠᠭᠰᠢ ᠬᠦᠮᠦᠨ᠂ ᠲᠡᠷᠡ ᠮᠦᠷᠲᠡᠭᠡᠨ | ᠮᠤᠨᠳᠠᠭ ᠪᠠᠶᠠᠨ ᠪᠠᠭᠰᠢ᠂ ᠡᠷ᠎ᠡ ᠶᠢᠨ ᠬᠡᠶᠢᠮᠤᠷᠢ ᠪᠠᠷ ᠣᠭᠰᠢᠭᠰᠠᠨ ᠭᠡᠷ ᠳᠦᠭᠦᠷᠡᠩ ᠬᠦᠦᠴᠦᠦᠯ ᠲᠠᠢ᠂ ᠤᠶᠠᠨ | ᠵᠥᠭᠡᠯᠡᠨ ᠠᠭᠠᠰᠢ ᠲᠠᠢ ᠤᠬᠠᠭᠠᠯᠢᠭ ᠣᠯᠠᠨ ᠬᠡᠤᠬᠡᠨᠴᠦᠳ ᠲᠠᠢ᠃ ᠪᠠᠭᠰᠢ ᠬᠦᠮᠦᠨ ᠬᠠᠶᠢᠷ᠎ᠠ ᠶᠢᠨ ᠪᠦᠷᠢᠯᠸ᠎ᠠ ᠪᠠᠶᠢᠬᠤ | ᠶᠣᠰᠤᠲᠠᠢ ᠭᠡᠵᠦ ᠪᠢ ᠦᠷᠭᠦᠯᠵᠢ ᠰᠡᠳᠭᠢᠯ ᠳᠤ ᠪᠠᠨ ᠪᠤᠳᠤᠳᠠᠭ᠃ ᠶᠠᠭ ᠡᠶᠢᠮᠤ ᠠᠴᠠ ᠪᠢ ᠠᠩᠬ᠎ᠠ | ᠰᠤᠷᠤᠭᠴᠢ ᠲᠠᠢ ᠪᠠᠨ ᠤᠴᠠᠷᠠᠬᠤ ᠳᠤ ᠲᠡᠳᠡ ᠨᠡᠷ ᠢ ᠪᠦᠷ ᠥᠪᠡᠷ ᠤᠨ ᠢᠶᠠᠨ ᠬᠡᠤᠭᠡᠳ ᠰᠢᠭ ᠬᠠᠯᠠᠭᠤᠨ | ᠡᠯᠢᠭᠡᠨ ᠳᠤ ᠪᠠᠨ ᠲᠡᠪᠡᠷᠢᠵᠤ ᠠᠪᠤᠭᠰᠠᠨ ᠶᠤᠮ᠃ ᠠᠵᠢᠯ ᠳᠤ ᠭᠠᠷᠤᠭᠠᠳ ᠠᠩᠭᠢ ᠶᠢᠨ ᠡᠷᠬᠢᠯᠡᠭᠴᠢ ᠪᠤᠯᠤᠭᠰᠠᠨ | ᠠᠩᠬᠠᠨ ᠤ ᠭᠠᠷᠠᠭ ᠪᠢᠯᠡ᠃ ᠡᠳᠦᠷ ᠢᠶᠠᠷ ᠬᠡᠤᠭᠡᠳ ᠤᠳ ᠤᠨ ᠳᠤᠮᠳᠠ ᠡᠨᠡ ᠲᠡᠷᠡ ᠭᠡᠳ ᠭᠦᠶᠦᠵᠦ ᠨᠢᠰᠦᠭᠡᠳ | ᠦᠳᠡᠰᠢ ᠪᠣᠯᠬᠤ ᠪᠠᠷ ᠨᠢ ᠪᠦᠷ ᠶᠠᠳᠠᠷᠠᠭᠠᠳ ᠨᠢᠭᠡ ᠶᠠᠭᠤᠮ᠎ᠠ ᠪᠤᠯᠴᠢᠬᠠᠳᠠᠭ᠃ | ᠲᠡᠷᠡ ᠦᠶ᠎ᠡ ᠳᠤ ᠡᠵᠢ ᠳᠤ ᠪᠠᠨ ᠤᠲᠠᠰᠤ ᠠᠪᠤᠭᠠᠳ ᠨᠢᠭᠡ ᠡᠳᠦᠷ ᠤᠨ ᠢᠶᠠᠨ ᠶᠠᠭᠠᠷᠠᠤ ᠪᠠᠨ ᠲᠣᠭᠠᠴᠢᠬᠤ ᠳᠤ᠂ | ᠡᠵᠢ ᠮᠢᠨᠢ᠄ ︽ᠲᠠᠶᠢᠪᠤᠩ ᠪᠠᠢ᠂ ᠬᠡᠤᠬᠡᠨ ᠡ᠂ ᠬᠥᠯ ᠭᠠᠷ ᠢᠶᠠᠨ ᠤᠬᠢᠶᠠᠭᠠᠳ ᠰᠠᠶᠢᠬᠠᠨ ᠠᠮᠠᠷᠠᠭᠠᠳ ᠠᠪ᠂ | ᠮᠠᠷᠭᠠᠰᠢ ᠰᠠᠶᠢᠬᠠᠨ ᠪᠤᠯᠴᠢᠬᠠᠨ᠎ᠠ︾ ᠭᠡᠳ ᠲᠠᠶᠢᠳᠬᠤᠷᠠᠭᠤᠯᠵᠤ ᠬᠡᠯᠡᠵᠦ ᠪᠠᠶᠢᠭᠰᠠᠨ ᠶᠤᠮ᠃ ᠡᠨᠡᠷᠢᠯ ᠤᠨ ᠲᠡᠭᠷᠢ | ᠡᠵᠢ ᠶᠢᠨ ᠢᠶᠠᠨ ᠬᠡᠯᠡᠭᠰᠡᠨ ᠢᠶᠠᠷ ᠰᠠᠶᠢᠬᠠᠨ ᠠᠮᠠᠷᠠᠭᠠᠳ ᠳᠠᠷᠠᠭ᠎ᠠ ᠡᠳᠦᠷ ᠤᠨ ᠬᠢᠨᠢ ᠦᠷᠯᠦᠭᠡ ᠡᠷᠲᠡ | ᠰᠤᠷᠭᠠᠭᠤᠯᠢ ᠶᠢᠨ ᠡᠭᠦᠳᠡᠨ ᠳᠡᠭᠡᠷ᠎ᠡ ᠬᠡᠤᠭᠡᠳ ᠢᠶᠠᠨ ᠲᠤᠰᠬᠤ ᠪᠠᠷ ᠣᠴᠢᠬᠤ ᠳᠤ᠂ ᠨᠠᠷᠠᠨ ᠰᠠᠷᠠᠨ ᠰᠢᠭ | ᠭᠡᠷᠡᠯᠲᠦᠭᠰᠡᠨ ᠬᠡᠤᠭᠡᠳ ᠤᠳ ᠮᠢᠨᠢ ︽ᠪᠠᠭᠰᠢ ᠡ᠂ ᠦᠷᠯᠦᠭᠡ ᠰᠠᠶᠢᠨ︕︾ ᠭᠡᠳ ᠮᠢᠨᠤ ᠥᠭᠡᠳᠡ ᠠᠴᠠ | ᠬᠦᠷᠦᠭᠡᠳ ᠢᠷᠡᠬᠦ ᠪᠠᠷ ᠤᠷᠢᠳᠤ ᠡᠳᠦᠷ ᠤᠨ ᠪᠠᠶᠢᠳᠠᠭ ᠶᠠᠳᠠᠷᠠᠭ᠎ᠠ ᠵᠦᠳᠡᠷᠡᠭᠡ ᠪᠦᠷ ᠣᠷᠣ ᠦᠭᠡᠢ ᠠᠯᠠᠭ᠎ᠠ | ᠪᠤᠯᠴᠢᠬᠠᠭᠰᠠᠨ᠃ ᠶᠠᠭ ᠯᠠ ᠡᠵᠢ ᠶᠢᠨ ᠮᠢᠨᠢ ᠢᠰᠢᠭᠡ ᠬᠤᠷᠠᠭ᠎ᠠ ᠶᠢᠨ ᠢᠶᠠᠨ ᠮᠠᠶᠢᠯᠠᠯᠳᠤᠬᠤ ᠳᠠᠭᠤᠨ᠂ | ᠬᠥᠷᠦᠪᠡᠵᠢᠬᠦ ᠶᠢ ᠨᠢ ᠬᠠᠷᠠᠭᠠᠳ ᠪᠠᠶᠠᠰᠳᠠᠭ ᠲᠠᠢ ᠠᠳᠠᠯᠢ ᠪᠢ ᠴᠤ ᠶᠠᠭ ᠡᠨᠡ ᠬᠥᠭᠡᠷᠦᠬᠦᠨ ᠬᠡᠤᠭᠡᠳ ᠤᠳ ᠢᠶᠠᠨ | ᠬᠠᠷᠠᠬᠤ ᠪᠠᠷ ᠴᠤᠭ ᠬᠡᠶᠢᠮᠦᠷᠢ ᠮᠢᠨᠢ ᠪᠠᠳᠠᠷᠠᠵᠤ᠂ ᠤᠯᠠᠮ ᠵᠣᠷᠢᠭᠲᠠᠢ᠂ ᠨᠠᠷᠠᠯᠠᠭ ᠪᠣᠯᠳᠠᠭ᠃ | ᠬᠡᠤᠭᠡᠳ ᠭᠡᠵᠦ ᠡᠷᠴᠢ ᠡᠷᠴᠢᠮ ᠨᠢ ᠮᠤᠨᠳᠠᠭ᠂ ᠦᠨᠡᠬᠡᠷ ᠪᠠᠭ᠋ᠠᠷᠬᠠᠵᠤ ᠬᠠᠶᠢᠷᠠᠯᠠᠬᠤ ᠠᠴᠠ ᠥᠭᠡᠷ᠎ᠡ ᠠᠷᠭ᠎ᠠ ᠦᠭᠡᠢ | ᠬᠥᠬᠡᠷᠤᠭᠦᠨ ᠠᠮᠢᠳᠠᠳ᠃ ᠮᠢᠨᠤ ᠬᠡᠤᠭᠡᠳ ᠤᠳ ᠦᠷᠭᠦᠯᠵᠢ ᠨᠠᠳᠠ ᠠᠴᠠ ︽ᠪᠠᠭᠰᠢ ᠡ᠂ ᠲᠠᠨ ᠤ ᠬᠡᠤᠭᠡᠳ ᠬᠦᠦ | ᠶᠤᠮ ᠤᠤ︖ ᠬᠡᠤᠬᠡᠨ ᠶᠤᠮ ᠤᠤ︖︾ ᠭᠡᠵᠦ ᠠᠰᠠᠭᠤᠳᠠᠭ᠃ ᠲᠡᠷᠡ ᠦᠶ᠎ᠡ ᠳᠤᠨᠢ ᠪᠢ᠄ ︽ᠪᠠᠭᠰᠢ ᠳᠤᠨᠢ | ᠬᠡᠤᠬᠡᠨ ᠴᠤ ᠪᠠᠶᠢᠨ᠎ᠠ᠂ ᠬᠦᠦ ᠴᠤ ᠪᠠᠶᠢᠨ᠎ᠠ᠂ ᠪᠠᠶᠢᠬᠤ ᠪᠠᠶᠢᠬᠤ ᠳᠤ ᠪᠠᠨ ᠪᠦᠷ ᠭᠤᠴᠢᠭᠠᠳ ᠬᠦᠦ ᠬᠡᠤᠬᠡᠨ ᠲᠠᠢ | ᠰᠢᠤ︕︾ ᠭᠡᠵᠦ ᠣᠮᠤᠭ ᠪᠠᠷᠳᠠᠮ ᠬᠠᠷᠢᠭᠤᠯᠬᠤ ᠳᠤ᠂ ᠮᠢᠨᠤ ᠬᠡᠤᠭᠡᠳ ᠤᠳ ︽ᠪᠢᠰᠢ ᠡ᠂ ᠪᠠᠭᠰᠢ ᠡ᠂ ᠲᠠᠨ ᠤ | ᠭᠡᠷ ᠲᠤ ᠪᠠᠶᠢᠭ᠎ᠠ ᠬᠡᠤᠭᠡᠳ ᠢ ᠲᠠᠨᠢ ᠬᠡᠯᠡᠵᠦ ᠪᠠᠶᠢᠨ᠎ᠠ︾ ᠭᠡᠬᠦ ᠶᠤᠮ ᠪᠢᠯᠡ᠃ ᠤᠰᠤᠨ ᠤ ᠰᠢᠪᠠᠭᠤ ᠰᠢᠭ | ᠱᠤᠯᠤᠭᠠᠨᠠᠳᠠᠭ ᠬᠡᠤᠭᠡᠳ ᠤᠳ ᠳᠠᠩᠳᠠ ᠪᠠᠨ ᠤᠷᠮ᠎ᠠ ᠵᠣᠷᠢᠭ ᠬᠠᠶᠢᠷᠠᠯᠠᠳᠠᠭ᠃ ᠲᠡᠭᠡᠷ᠎ᠡ ᠬᠤᠭᠤᠴᠠᠭ᠎ᠠ ᠮᠠᠨ ᠤ | ᠠᠩᠭᠢ ᠶᠢᠨ ᠮᠠᠯᠢᠺᠠ ᠬᠡᠰᠡᠨ ᠨᠡᠷ᠎ᠡ ᠲᠠᠢ ᠬᠥᠭᠡᠷᠦᠬᠦᠨ ᠥᠬᠢᠨ ᠠᠪᠤ ᠡᠵᠢ ᠶᠢᠨ ᠬᠢᠨᠢ ᠠᠵᠢᠯ ᠠᠯᠪᠠ ᠶᠢᠨ | ᠤᠴᠢᠷ ᠠᠴᠠ ᠪᠤᠯᠵᠤ ᠠᠷᠭ᠎ᠠ ᠦᠭᠡᠢ ᠪᠠᠶᠢᠳᠠᠯ ᠤᠨ ᠳᠤᠤᠷ᠎ᠠ ᠰᠤᠷᠭᠠᠭᠤᠯᠢ ᠰᠢᠯᠵᠢᠬᠦ ᠪᠠᠷ ᠪᠣᠯᠪᠠ᠃ ᠪᠢ ᠡᠨᠡ | ᠴᠢᠮᠡᠭᠡ ᠶᠢ ᠤᠷᠢᠳᠤ ᠡᠳᠦᠷ ᠨᠢ ᠡᠵᠢ ᠶᠢᠨ ᠬᠢᠨᠢ ᠶᠠᠷᠢᠶᠠᠨ ᠠᠴᠠ ᠰᠤᠨᠤᠰᠤᠭᠰᠠᠨ ᠠᠴᠠ ᠬᠤᠶᠢᠰᠢ ᠰᠡᠳᠭᠢᠯ ᠨᠢᠭᠡ ᠯᠠ | ᠣᠨᠳᠤᠤ ᠪᠠᠶᠢᠭᠰᠠᠨ ᠶᠤᠮ ᠪᠢᠯᠡ᠃ ᠶᠠᠭ ᠶᠠᠪᠤᠬᠤ ᠲᠡᠷᠡ ᠦᠷᠯᠦᠭᠡ ᠪᠢ ᠮᠠᠯᠢᠺᠠ ᠬᠡᠤᠬᠡᠨ ᠢᠶᠠᠨ ᠬᠠᠵᠠᠭᠤ ᠳᠤ ᠪᠠᠨ | ᠳᠠᠭᠤᠳᠠᠵᠤ ᠠᠪᠴᠢᠷᠠᠭᠠᠳ ᠬᠤᠶᠠᠷ ᠦᠭᠡ ᠵᠠᠬᠢᠵᠤ ᠰᠤᠯᠢᠶ᠎ᠠ ᠭᠡᠰᠡᠨ ᠴᠢᠨᠢ ᠨᠢᠳᠦ ᠪᠠᠨ ᠤᠯᠠᠶᠢᠯᠭᠠᠨ ᠬᠠᠵᠠᠭᠤ ᠳᠤ | ᠮᠢᠨᠢ ᠵᠣᠭᠰᠤᠭᠰᠠᠨ ᠬᠥᠭᠡᠷᠦᠬᠦᠨ ᠬᠠᠷᠠᠴᠠ ᠶᠢ ᠨᠢ ᠬᠠᠷᠠᠭᠠᠳ ᠬᠦᠭᠡᠷᠦᠭᠦ᠋ᠢᠯᠡᠬᠦ ᠲᠠᠢ᠂ ᠰᠠᠯᠵᠤ ᠶᠠᠳᠠᠬᠤ ᠲᠠᠢ᠂ ᠲᠡᠷᠡ | ᠳᠤᠤᠷ᠎ᠠ ᠪᠠᠨ ᠮᠢᠨᠤ ᠬᠤᠭᠤᠯᠠᠢ ᠵᠠᠩᠭᠢᠷᠠᠵᠤ ᠤᠬᠢᠯᠠᠬᠤ ᠰᠢᠬᠠᠮ ᠪᠤᠯᠤᠯ᠎ᠠ᠃ | ᠬᠡᠵᠢᠶ᠎ᠡ ᠴᠤ ᠬᠦᠮᠦᠨ ᠤ ᠡᠮᠦᠨ᠎ᠡ ᠨᠢᠯᠪᠤᠰᠤ ᠤᠨᠠᠭᠠᠬᠤ ᠦᠭᠡᠢ ᠪᠠᠶᠢᠬᠤ ᠶᠢ ᠬᠢᠴᠢᠶᠡᠨ ᠥᠪᠡᠷ ᠢ ᠪᠠᠨ | ᠬᠠᠲᠠᠭᠤᠬᠠᠨ ᠱᠠᠭᠠᠷᠳᠠᠳᠠᠭ ᠪᠢ ᠪᠤᠰᠢᠭᠤᠬᠠᠨ ᠮᠠᠯᠢᠺᠠ ᠠᠴᠠ ᠪᠠᠨ ᠪᠤᠷᠤᠭᠤᠯᠠᠨ ᠨᠢᠯᠪᠤᠰᠤ ᠪᠠᠨ ᠠᠷᠴᠢᠯ᠎ᠠ᠃ ᠠᠷᠭ᠎ᠠ | ᠦᠭᠡᠢ ᠰᠠᠶᠢᠬᠠᠨ ᠳᠠᠰᠤᠭᠰᠠᠨ ᠶᠤᠮ ᠳ᠋ᠠ ᠁ ᠲᠡᠷᠡ ᠭᠱᠠᠨ ᠢ ᠪᠢ ᠡᠭᠦᠷᠢᠳᠡ ᠮᠠᠷᠲᠠᠬᠤ ᠦᠭᠡᠢ︕ ᠶᠠᠭ ᠯᠠ | ᠵᠢᠷᠦᠬᠡ ᠶᠢ ᠮᠢᠨᠢ ᠵᠡᠭᠦᠦ ᠪᠠᠷ ᠰᠢᠪᠡᠵᠦ ᠪᠠᠶᠢᠭ᠎ᠠ ᠠᠳᠠᠯᠢ ᠡᠪᠡᠳᠴᠦ ᠪᠠᠶᠢᠪᠠ᠃ ᠮᠠᠯᠢᠺᠠ ᠪᠤᠯ ᠮᠢᠨᠤ ᠠᠩᠬᠠᠨ ᠤ | ᠰᠤᠷᠤᠭᠴᠢ᠂ ᠮᠦᠨ ᠴᠦ ᠮᠢᠨᠤ ᠬᠠᠶᠢᠷᠠᠲᠠᠢ ᠬᠡᠤᠬᠡᠨ ᠶᠤᠮ ᠰᠢᠤ︕ ᠲᠡᠷᠡ ᠵᠢᠯ ᠪᠢ ᠠᠩᠭᠢ ᠶᠢᠨ ᠡᠷᠬᠢᠯᠡᠭᠴᠢ | ᠪᠤᠯᠬᠤ ᠳᠤ ᠬᠠᠮᠤᠭ ᠤᠨ ᠤᠷᠢᠳ ᠢᠶᠠᠷ ᠬᠠᠵᠠᠭᠤ ᠳᠤ ᠮᠢᠨᠢ ᠬᠦᠷᠴᠦ ᠢᠷᠡᠭᠰᠡᠨ ᠮᠢᠨᠤ ᠠᠩᠬᠠᠨ ᠤ ᠱᠠᠪᠢ ᠶᠤᠮ᠃ | ᠰᠤᠷᠭᠠᠭᠤᠯᠢ ᠶᠢᠨ ᠬᠦᠷᠢᠶᠡᠨ ᠳᠤ ᠮᠠᠯᠢᠺᠠ ᠬᠡᠤᠬᠡᠨ ᠢᠶᠠᠨ ᠳᠠᠭᠠᠭᠤᠯᠤᠭᠠᠳ ᠶᠠᠪᠤᠬᠤ ᠳᠤ ᠪᠤᠰᠤᠳ ᠪᠠᠭᠰᠢ ᠨᠠᠷ ︽ | ᠬᠡᠤᠬᠡᠨ ᠴᠢᠨᠢ ᠶᠤᠮ ᠤᠤ︖ ᠴᠢᠮ᠎ᠠ ᠲᠠᠢ ᠶᠠᠭᠠᠬᠢᠭᠰᠠᠨ ᠠᠳᠠᠯᠢ ᠪᠤᠢ︕︾ ᠭᠡᠳ ᠪᠦᠷ ᠡ᠊ᠨᠳᠡᠭᠦᠷᠡᠵᠦ ᠪᠠᠶᠢᠭᠰᠠᠨ | ᠶᠤᠮ᠃ | ᠮᠠᠯᠢᠺᠠ ᠮᠢᠨᠢ ᠬᠦᠮᠦᠨ ᠲᠦᠮᠡᠨ ᠤ ᠳᠤᠮᠳᠠ ᠣᠷᠦ᠋ᠢᠯᠠᠵᠤ ᠶᠠᠪᠤᠭᠠᠷᠠᠢ︕ ᠰᠤᠳᠤᠨ ᠰᠤᠷᠤᠭᠠᠷᠠᠢ︕ ᠭᠡᠵᠦ | ᠪᠠᠭᠰᠢ ᠨᠢ ᠬᠠᠮᠤᠭ ᠤᠨ ᠰᠠᠶᠢᠨ ᠰᠠᠶᠢᠬᠠᠨ ᠢᠷᠦᠭᠡᠯ ᠢᠶᠠᠨ ᠵᠦᠩᠨᠡᠶ᠎ᠡ︕ | |