8 ᠰᠠᠷ᠎ᠠ ᠶᠢᠨ 23 ᠤ ᠡᠳᠦᠷ᠂ ᠪᠦᠬᠦ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠤᠳᠭ᠎ᠠ ᠵᠤᠬᠢᠶᠠᠯ ᠤᠨ | ︽ᠠᠵᠢᠨᠠᠢ ᠱᠠᠩᠨᠠᠯ︾ ᠤᠨ ᠱᠠᠩᠨᠠᠯ ᠬᠦᠷᠳᠡᠭᠰᠡᠨ ᠪᠦᠲᠦᠭᠡᠯ ᠢ ᠨᠠᠶᠢᠳᠠᠯᠠᠬᠦ ᠳᠤ᠂ ᠮᠠᠨ ᠤ ᠤᠷᠤᠨ ᠤ ᠭᠤᠷᠪᠠᠨ | ᠪᠦᠳᠦᠬᠡᠯ ᠱᠠᠩᠨᠠᠯ ᠬᠦᠷᠳᠡᠭᠰᠡᠨ ᠪᠠᠶᠢᠨ᠎ᠠ᠃ | ᠮᠠᠨ ᠤ ᠤᠷᠤᠨ ᠤ ᠵᠤᠬᠢᠶᠠᠯᠴᠢ ᠬᠠᠯᠢᠭᠤᠨ ᠤ ︽ᠬᠦᠬᠡ ᠮᠤᠩᠭᠤᠯ︾ ᠪᠦᠳᠦᠬᠡᠯ ᠨᠢ ᠠᠵᠢᠨᠠᠢ ᠱᠠᠩᠨᠠᠯ ᠤᠨ | ᠷᠤᠮᠠᠨ ᠤ ᠱᠠᠩᠨᠠᠯ ᠢ ᠬᠦᠷᠳᠡᠵᠦ᠂ ᠬᠢᠯᠭᠠᠨ᠎ᠠ ᠶᠢᠨ ︽ᠬᠦᠯᠦᠭ ᠤᠨ ᠨᠢᠷᠤᠭᠤᠨ ᠳᠤ ᠬᠦᠷᠦᠰᠦᠳᠦ ᠲᠡᠯᠡᠬᠡᠢ ᠶᠢ | ᠲᠤᠭᠤᠷᠢᠭᠰᠠᠨ ᠨᠢ︾ ᠬᠡᠬᠦ ᠲᠡᠬᠦᠪᠦᠷᠢ ᠦᠬᠦᠯᠡᠯᠬᠡ ᠶᠢᠨ ᠱᠠᠩᠨᠠᠯ ᠢ ᠬᠦᠷᠳᠡᠵᠤ᠂ ᠮᠠᠨ ᠴᠢᠦᠸᠠᠨ ᠤ ︽ᠬᠠᠪᠤᠷ ᠤᠨ | ᠰᠦᠨᠢ᠂ ᠬᠡᠨ ᠨᠡᠮᠡ ᠶᠢ ᠲᠠᠭᠤᠳᠠᠨᠠᠮ︾ ︵ᠮᠤᠩᠭᠤᠯ ᠬᠡᠯᠡ︶ ᠬᠡᠬᠦ ᠲᠡᠬᠦᠪᠦᠷᠢ ᠨᠢ ᠰᠢᠯᠦᠭ ᠤᠨ ᠱᠠᠩᠨᠠᠯ ᠢ | ᠬᠦᠷᠳᠡᠵᠡᠢ᠃ | ᠬᠠᠯᠢᠭᠤᠨ ᠤ ᠪᠦᠲᠦᠭᠡᠯ ︽ᠬᠦᠬᠡ ᠮᠤᠩᠭᠤᠯ︾ ᠪᠤᠯ ᠬᠤᠷᠴᠢᠨ ᠮᠤᠩᠭᠤᠯᠴᠤᠳ ᠤᠨ ᠬᠡᠳᠦᠨ ᠵᠠᠭᠤᠨ ᠵᠢᠯ ᠤᠨ | ᠲᠡᠦᠬᠡ ᠪᠠ ᠲᠡᠳᠡ ᠨᠡᠷ ᠤᠨ ᠤᠶᠤᠨ ᠰᠠᠨᠠᠭᠠᠨ ᠤ ᠵᠢᠷᠳᠢᠨᠴᠤ ᠶᠢ ᠲᠡᠯᠬᠡᠭᠰᠡᠨ ᠪᠦᠳᠦᠬᠡᠯ ᠪᠤᠯᠤᠨ᠎ᠠ᠃ ᠲᠤᠰ | ᠪᠦᠳᠦᠬᠡᠯ ᠨᠢ ᠬᠡᠳᠦᠨ ᠦᠶ᠎ᠠ ᠶᠢᠨ ᠬᠦᠮᠦᠰ ᠤᠨ ᠠᠮᠢ ᠨᠠᠰᠤᠨ ᠤ ᠤᠯᠠ ᠮᠦᠷ ᠢ ᠮᠦᠷᠳᠡᠵᠤ᠂ ᠡᠬᠡᠯ ᠵᠢᠷ ᠤᠨ | ᠠᠲᠠᠯ᠎ᠠ ᠶᠡᠷᠦ ᠪᠤᠰᠤ ᠶᠢᠨ ᠤᠷᠳᠤ ᠤᠳᠠᠭᠠᠨ ᠡᠲᠦᠷ ᠬᠤᠨᠤᠭ ᠢ ᠪᠢᠴᠢᠭᠯᠡᠭᠰᠡᠨ ᠪᠠᠶᠢᠨ᠎ᠠ᠃ | ᠬᠢᠯᠭᠠᠨ᠎ᠠ ᠶᠢᠨ ︽ᠬᠦᠯᠦᠭ ᠤᠨ ᠨᠢᠷᠤᠭᠤᠨ ᠳᠤ ᠬᠦᠷᠦᠰᠦᠳᠦ ᠲᠡᠯᠡᠬᠡᠢ ᠶᠢ ᠲᠤᠭᠤᠷᠢᠭᠰᠠᠨ ᠨᠢ︾ ᠬᠡᠬᠦ | ᠲᠡᠬᠦᠪᠦᠷᠢ ᠨᠢ 24 ᠦᠬᠦᠯᠡᠯᠬᠡ ᠶᠢ ᠪᠠᠭᠳᠠᠭᠠᠵᠤ᠂ ᠵᠤᠬᠢᠶᠠᠬᠴᠢ ᠶᠢᠨ ᠤᠢᠢᠷ᠎ᠠ ᠶᠢᠨ ᠵᠢᠯ ᠤᠨ ᠲᠤᠷᠰᠢ ᠵᠤᠬᠢᠶᠠᠨ | ᠪᠦᠳᠦᠬᠡᠭᠰᠡᠨ ᠦᠨᠳᠦᠰᠦᠳᠡᠨ ᠤ ᠰᠡᠳᠦᠪᠳᠤ ᠪᠦᠳᠦᠬᠡᠯ ᠤᠨ ᠰᠤᠩᠭᠤᠮᠠᠯ ᠪᠤᠯᠤᠨ᠎ᠠ᠃ ᠬᠢᠯᠭᠠᠨ᠎ᠠ ᠶᠢᠨ ᠲᠦᠯᠦᠬᠡᠯᠡᠬᠦ | ᠵᠤᠬᠢᠶᠠᠯ ᠪᠦᠳᠦᠬᠡᠯ ᠤᠳ ᠬᠡᠪᠡᠯ᠂ ︽ᠬᠠᠮᠤᠭ ᠰᠡᠬᠦᠯᠴᠢ ᠶᠢᠨ ᠵᠢᠩᠴᠢᠨ︾᠂ ︽ᠡᠴᠢᠬᠡ ᠮᠢᠨᠢ ᠵᠢᠭᠠᠰᠤ ᠰᠢᠭ | ᠤᠮᠪᠠᠨ ᠤᠳᠪᠠᠢ︾᠂ ︽ᠪᠠᠭᠠᠨ᠎ᠠ ᠶᠢ ᠡᠷᠢᠭᠰᠡᠨ︾᠂ ︽ᠮᠢᠨᠦ ᠠᠪᠠᠭ᠎ᠠ ᠢᠯ︾᠂ ︽ᠴᠢᠨ᠋ᠸ᠎ᠠ ᠴᠠᠭᠠᠨ ᠮᠤᠷᠢ︾᠂ ︽ | ᠵᠢᠷᠭᠤᠭᠠᠨ ᠡᠪᠡᠷᠳᠤ ᠲᠠᠶᠢᠷ︾ ᠵᠡᠷᠬᠡ ᠪᠤᠢ᠃ | ᠮᠠᠨ ᠴᠢᠦᠸᠠᠨ ᠤ ︽ᠬᠠᠪᠤᠷ ᠤᠨ ᠰᠦᠨᠢ᠂ ᠬᠡᠨ ᠨᠠᠮ᠎ᠠ ᠶᠢ ᠲᠠᠭᠤᠳᠠᠨᠠᠮ︾ ᠬᠡᠬᠦ ᠰᠢᠯᠦᠭ ᠤᠨ ᠲᠡᠬᠦᠪᠦᠷᠢ ᠪᠤᠯ | ᠲᠦᠪ ᠤᠨ ᠤᠬᠠᠭᠤᠯᠬᠤ ᠬᠡᠯᠳᠡᠰ ᠤᠨ ᠰᠤᠶᠤᠯ ᠤᠨ ᠨᠡᠷᠡᠳᠤ ᠬᠦᠮᠦᠰ ᠲᠠᠷᠤᠢ ︽ᠲᠦᠷᠪᠡᠨ ᠨᠢᠬᠡ ᠪᠦᠯᠦᠭ︾ | ᠴᠢᠳᠡᠪᠦᠷᠢᠳᠡᠨ ᠤ ᠢᠨᠵᠧᠨᠧᠷᠢᠩ ᠤᠨ ᠲᠦᠷᠦᠯ ᠵᠦᠢᠯ ᠤᠨ ᠲᠡᠳᠬᠦᠮᠵᠢ ᠶᠢ ᠬᠦᠷᠳᠡᠭᠰᠡᠨ ᠬᠡᠪᠯᠡᠭᠳᠡᠬᠦᠨ ᠪᠠᠶᠢᠵᠤ᠂ | ᠰᠢᠯᠦᠭᠴᠢ ᠶᠢᠨ ᠤᠢᠢᠷ᠎ᠠ ᠶᠢᠨ ᠵᠢᠯ ᠳᠤ ᠵᠤᠬᠢᠶᠡᠨ ᠪᠦᠳᠦᠬᠡᠭᠰᠡᠨ ᠪᠦᠳᠦᠬᠡᠯ ᠤᠳ ᠢ ᠪᠠᠭᠲᠠᠭᠠᠭᠰᠠᠨ ᠪᠠᠶᠢᠨ᠎ᠠ᠃ ᠲᠤᠰ | ᠲᠡᠬᠦᠪᠦᠷᠢ ᠳᠤ ᠤᠷᠤᠬᠰᠠᠨ ᠤᠷᠠᠨ ᠪᠦᠳᠦᠬᠡᠯ ᠤᠳ ᠨᠢ ᠭᠤᠤᠯᠲᠠᠭᠤ ᠠᠷᠠᠳ ᠲᠦᠮᠡᠨ ᠢ ᠮᠠᠬᠳᠠᠨ ᠲᠠᠭᠤᠯᠠᠵᠤ᠂ | ᠪᠠᠭᠠᠳᠤᠷ ᠢ ᠮᠠᠬᠳᠠᠨ ᠲᠠᠭᠤᠯᠠᠵᠤ᠂ ᠲᠠᠯ᠎ᠠ ᠨᠤᠳᠤᠭ ᠢ ᠮᠠᠬᠳᠠᠨ ᠲᠠᠭᠤᠯᠠᠬᠰᠠᠨ ᠪᠠᠶᠢᠨ᠎ᠠ᠃ |