ᠡᠭᠦᠳᠡᠯᠴᠢᠨ ᠦᠨᠳᠦᠰᠦᠳᠡᠨ ᠤ ᠥᠪ ᠰᠤᠶᠤᠯ — ᠤᠯᠠᠭ᠎ᠠ ᠦᠷᠳᠡᠭᠡ
ᠨᠡᠶᠢᠲᠡᠯᠡᠭᠰᠡᠨ ᠴᠠᠭ᠄
2024/1/26
   ᠮᠣᠩᠭᠤᠯᠴᠤᠳ ᠪᠢᠳᠡ ᠨᠡᠭᠦᠳᠡᠯ ᠤᠨ ᠰᠤᠶᠤᠯ ᠢᠷᠭᠡᠨᠰᠢᠯ ᠲᠠᠢ ᠠᠷᠠᠳ ᠲᠦᠮᠡᠨ ᠪᠥᠭᠡᠳ ᠡᠭᠦᠪᠡᠷ ᠢᠶᠠᠨ ᠳᠡᠯᠡᠬᠡᠢ ᠳᠤ ᠭᠠᠶᠢᠬᠠᠭᠳᠠᠳᠠᠭ ᠪᠢᠯᠡ᠃ ᠨᠡᠭᠦᠳᠡᠯ ᠤᠨ ᠰᠤᠶᠤᠯ ᠢᠷᠭᠡᠨᠰᠢᠯ ᠨᠢ ᠪᠦᠳᠦᠭᠦᠯᠢᠭ᠂ ᠳᠦᠭᠦᠮᠭᠡᠡ ᠨᠡᠶᠢᠭᠡᠮ ᠣᠭᠲᠣ ᠪᠤᠰᠤ᠂ ᠬᠠᠷᠢᠨ ᠥᠪᠡᠷ ᠤᠨ ᠭᠡᠰᠡᠨ ᠣᠨᠴᠠᠯᠢᠭ ᠲᠠᠢ᠂ ᠥᠪᠡᠷ ᠤᠨ ᠭᠡᠰᠡᠨ ᠵᠠᠷᠴᠢᠮ ᠲᠠᠢ᠂ ᠠᠮᠢᠳᠤᠷᠠᠯ ᠤᠨ ᠣᠨᠴᠠᠯᠢᠭ ᠲᠠᠢ᠂ ᠴᠠᠭ ᠤᠨ ᠪᠠᠷᠢᠮᠵᠢᠶ᠎ᠠ ᠲᠠᠢ ᠨᠡᠶᠢᠭᠡᠮ ᠶᠤᠮ᠃ ᠰᠠᠭᠤᠷᠢᠨ ᠰᠣᠶᠣᠯ ᠢᠷᠭᠡᠨᠰᠢᠯ ᠠᠴᠠ ᠣᠯᠠᠨ ᠲᠠᠯ᠎ᠠ ᠪᠠᠷ ᠢᠯᠭᠠᠭ᠎ᠠ ᠲᠠᠢ᠂ ᠳᠠᠪᠠᠭᠤ ᠲᠠᠯ᠎ᠠ ᠪᠠᠶᠢᠨ᠎ᠠ᠂ ᠰᠤᠯᠠ ᠲᠠᠯ᠎ᠠ ᠨᠤᠭᠤᠳ ᠴᠤ ᠪᠤᠢ᠃ ᠳᠡᠯᠡᠬᠡᠢ ᠶᠢᠨ ᠰᠣᠶᠣᠯ ᠢᠷᠭᠡᠨᠰᠢᠯ ᠤᠨ ᠲᠡᠦᠬᠡ ᠶᠢ ᠣᠶᠢᠯᠠᠭᠠᠬᠤ ᠶᠢᠨ ᠲᠤᠯᠠᠳᠠ ᠨᠡᠭᠦᠳᠡᠯ ᠰᠣᠶᠣᠯ ᠢ ᠵᠠᠪᠠᠯ ᠰᠤᠳᠤᠯᠬᠤ ᠶᠣᠰᠣᠲᠠᠢ ᠪᠢᠯᠡ᠃ ᠲᠡᠶᠢᠮᠦ ᠳᠤ ᠪᠠᠨ ᠴᠤ 1960 ᠣᠨ ᠳᠤ ᠣᠯᠠᠨ ᠤᠯᠤᠰ ᠤᠨ ᠬᠤᠯᠪᠤᠭᠠᠳᠣ ᠪᠠᠶᠢᠭᠤᠯᠣᠯᠭ᠎ᠠ ᠶᠢᠨ ᠪᠣᠯᠪᠠᠰᠤᠷᠠᠯ ᠰᠢᠨᠵᠢᠯᠡᠬᠦ ᠤᠬᠠᠭᠠᠨ ᠵᠢᠴᠢ ᠰᠣᠶᠣᠯ ᠤᠨ ᠪᠠᠶᠢᠭᠤᠯᠤᠯᠲᠠ ᠶᠢᠨ ᠳᠡᠷᠭᠡᠳᠡ ᠲᠥᠪ ᠠᠽᠢᠶ᠎ᠠ ᠶᠢᠨ ᠰᠣᠶᠣᠯ ᠢᠷᠭᠡᠨᠰᠢᠯ ᠢ ᠰᠤᠳᠤᠯᠬᠤ ᠲᠥᠪ ᠪᠠᠶᠢᠭᠤᠯᠤᠭᠳᠠᠵᠤ ᠪᠠᠶᠢᠭᠰᠠᠨ ᠪᠣᠯᠤᠯᠲᠠᠢ᠃ ᠣᠯᠠᠭ᠎ᠠ ᠦᠷᠳᠡᠭᠡ ᠶᠢᠨ ᠡᠭᠦᠷᠭᠡ ᠴᠢᠳᠠᠪᠬᠢ ᠨᠡᠭᠦᠳᠡᠯ ᠤᠨ ᠰᠣᠶᠣᠯ ᠢᠷᠭᠡᠨᠰᠢᠯ ᠤᠨ ᠴᠢᠬᠤᠯᠠ ᠨᠢᠭᠡ ᠠᠭᠤᠯᠭ᠎ᠠ ᠨᠢ ᠤᠯᠠᠭ᠎ᠠ ᠦᠷᠳᠡᠭᠡ ᠶᠤᠮ᠃ ᠥᠷᠲᠡᠭᠡ ᠨᠢ ᠡᠭᠦᠰᠦᠭᠰᠡᠨ ᠴᠠᠭ ᠠᠴᠠ ᠪᠠᠨ ᠡᠬᠢᠯᠡᠨ ᠴᠡᠷᠢᠭ ᠤᠨ ᠬᠠᠲᠠᠭᠤ ᠰᠠᠬᠢᠯᠭ᠎ᠠ᠂ ᠨᠠᠷᠢᠨ ᠵᠣᠬᠢᠶᠠᠨ ᠪᠠᠶᠢᠭᠤᠯᠤᠯᠳᠠ ᠶᠢᠨ ᠰᠢᠰᠲ᠋ᠧᠮ ᠲᠠᠢ ᠪᠥᠭᠡᠳ ᠢᠷᠭᠡᠳ ᠤᠨ ᠮᠠᠯ ᠬᠤᠢ᠂ ᠬᠥᠷᠥᠩᠭᠡ᠂ ᠬᠦᠴᠦᠨ ᠳᠤ ᠲᠤᠯᠭᠠᠭᠤᠷᠢᠯᠠᠭᠰᠠᠨ ᠠᠯᠪᠠ ᠪᠠᠶᠢᠵᠠᠢ᠃ ᠡᠨᠡ ᠠᠯᠪᠠ ᠨᠢ ᠡᠯᠴᠢ ᠲᠥᠯᠦᠭᠡᠯᠡᠭᠴᠢᠳ ᠲᠤ ᠬᠦᠨᠳᠦᠯᠡᠯ ᠦᠵᠡᠭᠦᠯᠬᠦ ᠪᠥᠭᠡᠳ ᠠᠶᠤᠯ ᠦᠭᠡᠢ ᠪᠠᠶᠢᠳᠠᠯ ᠂ ᠲᠠᠪᠠ ᠲᠤᠬ᠎ᠠ ᠶᠢ ᠬᠠᠩᠭᠠᠬᠤ᠂ ᠮᠣᠷᠢ ᠤᠨᠤᠭ᠎ᠠ ᠶᠢ ᠰᠡᠯᠪᠢᠬᠦ᠂ ᠭᠠᠵᠠᠷᠴᠢᠯᠠᠬᠤ᠂ ᠠᠮᠠᠷᠠᠭᠠᠬᠤ᠂ ᠬᠤᠭᠤᠯᠠᠯᠠᠵᠤ ᠤᠮᠳᠠᠯᠠᠬᠤ᠂ ᠵᠠᠷ ᠮᠡᠳᠡᠭᠡ᠂ ᠰᠢᠤᠳᠠᠨ᠂ ᠵᠠᠬᠢᠶ᠎ᠠ ᠳᠠᠮᠵᠢᠭᠤᠯᠬᠤ᠂ ᠴᠡᠷᠢᠭ ᠳᠠᠶᠢᠨ ᠤ ᠵᠣᠷᠢᠭᠤᠯᠤᠯᠲᠠ ᠲᠠᠢ ᠵᠦᠢᠯᠡᠰ ᠢ ᠬᠠᠩᠭᠠᠨ ᠨᠡᠶᠢᠯᠡᠭᠦᠯᠬᠦ᠂ ᠪᠦᠷᠢᠳᠬᠡᠯ ᠬᠥᠲᠥᠯᠵᠦ ᠲᠠᠶᠢᠯᠤᠨ ᠭᠠᠷᠭᠠᠬᠤ ᠭᠡᠬᠦ ᠮᠡᠲᠦ ᠡᠭᠦᠷᠭᠡ ᠪᠦᠬᠦᠢ ᠴᠢᠬᠤᠯᠠ ᠠᠯᠪᠠ ᠪᠢᠯᠡ᠃ ᠥᠷᠲᠡᠭᠡᠨ ᠤ ᠠᠯᠪᠠ ᠨᠢ ᠲᠥᠷᠥ ᠶᠢᠨ ᠣᠨᠴᠠᠭᠠᠢ ᠡᠷᠬᠡ ᠳᠠᠷᠬ᠎ᠠ ᠲᠠᠢ ᠡᠯᠴᠢ ᠨᠠᠷ ᠢ ᠤᠨᠤᠭ᠎ᠠ ᠬᠦᠨᠡᠰᠦ ᠪᠠᠷ ᠬᠠᠩᠭᠠᠬᠤ᠂ ᠵᠣᠷᠢᠭᠰᠠᠨ ᠭᠠᠵᠠᠷ ᠲᠤ ᠨᠢ ᠰᠠᠭᠠᠳ ᠦᠭᠡᠢ ᠬᠦᠷᠭᠡᠬᠦ ᠡᠭᠦᠷᠭᠡ ᠲᠠᠢ ᠪᠠᠶᠢᠪᠠ᠃ ᠥᠷᠲᠡᠭᠡᠨ ᠤ ᠠᠯᠪᠠ ᠶᠢ ᠡᠷᠬᠡ ᠳᠠᠷᠬ᠎ᠠ ᠪᠦᠬᠦᠢ ᠥᠷᠲᠡᠭᠡᠨ ᠤ ᠲᠦᠰᠢᠮᠡᠯ ᠬᠠᠷᠢᠭᠤᠴᠠᠳᠠᠭ ᠪᠠᠶᠢᠪᠠ᠃ ᠤᠯᠠᠭ᠎ᠠ ᠦᠷᠳᠡᠭᠡ ᠶᠢ ᠮᠣᠷᠢᠨ ᠥᠷᠲᠡᠭᠡ᠂ ᠤᠷᠭ᠎ᠠ ᠶᠢᠨ ᠤᠯᠠᠭ᠎ᠠ ᠭᠡᠵᠦ ᠬᠤᠶᠠᠷ ᠠᠩᠭᠢᠯᠠᠳᠠᠭ᠃ ᠤᠷᠭ᠎ᠠ ᠶᠢᠨ ᠤᠯᠠᠭ᠎ᠠ ᠭᠡᠳᠡᠭ ᠨᠢ ᠥᠷᠲᠡᠭᠡᠨ ᠤ ᠠᠩᠬᠠᠨ ᠤ ᠬᠡᠯᠪᠡᠷᠢ ᠶᠤᠮ᠃ ᠡᠨᠡ ᠨᠢ ᠮᠣᠷᠢᠨ ᠥᠷᠲᠡᠭᠡ ᠪᠠᠶᠢᠭᠤᠯᠤᠭᠳᠠᠭ᠎ᠠ ᠦᠭᠡᠢ ᠦᠶ᠎ᠡ ᠳᠤ ᠤᠯᠤᠰ ᠭᠦᠷᠦᠨ ᠤ ᠳᠣᠲᠣᠷ᠎ᠠ ᠠᠯᠢᠪᠠ ᠠᠯᠪᠠᠨ ᠬᠡᠷᠡᠭ ᠢᠶᠠᠷ ᠵᠣᠷᠴᠢᠭᠴᠢᠳ ᠲᠤ ᠵᠠᠮ ᠳᠤ ᠨᠢ ᠠᠯᠢ ᠲᠣᠬᠢᠶᠠᠯᠳᠤᠭᠰᠠᠨ ᠠᠶᠢᠯ ᠡᠷᠦᠬᠡ ᠠᠴᠠ ᠤᠨᠤᠭ᠎ᠠ ᠮᠣᠷᠢ ᠠᠪᠴᠤ᠂ ᠬᠦᠨᠡᠰᠦ ᠪᠣᠯᠤᠨ ᠪᠤᠰᠤᠳ ᠱᠠᠭᠠᠷᠳᠠᠯᠭ᠎ᠠ ᠲᠠᠢ ᠵᠦᠢᠯᠡᠰ ᠢ ᠦᠨ᠎ᠡ ᠲᠥᠯᠦᠪᠦᠷᠢ ᠦᠭᠡᠢ ᠭᠠᠷᠭᠠᠭᠤᠯᠤᠨ ᠠᠪᠳᠠᠭ ᠪᠠᠶᠢᠪᠠ᠃ ᠥᠭᠡᠷ᠎ᠡ ᠪᠠᠷ ᠬᠡᠯᠡᠪᠡᠯ ᠤᠷᠭ᠎ᠠ ᠶᠢᠨ ᠤᠯᠠᠭ᠎ᠠ ᠬᠡᠷᠡᠭᠵᠢᠵᠦ ᠪᠤᠢ ᠭᠠᠵᠠᠷ ᠲᠤ ᠠᠶᠢᠯ ᠡᠷᠦᠬᠡ ᠪᠦᠷᠢ ᠥᠷᠲᠡᠭᠡᠨ ᠤ ᠡᠭᠦᠷᠭᠡ ᠶᠢ ᠭᠦᠢᠴᠡᠳᠭᠡᠨ᠎ᠡ ᠭᠡᠰᠡᠨ ᠦᠭᠡ ᠶᠤᠮ᠃ ᠤᠷᠭ᠎ᠠ ᠶᠢᠨ ᠤᠯᠠᠭ᠎ᠠ ᠨᠢ ᠰᠤᠯᠠ ᠲᠠᠯ᠎ᠠ ᠨᠤᠭᠤᠳ ᠶᠡᠭᠡ ᠲᠠᠢ ᠪᠠᠶᠢᠭᠰᠠᠨ᠃ ᠵᠢᠱᠢᠶ᠎ᠡ ᠨᠢ᠂ ᠡᠯᠴᠢ ᠶᠢᠨ ᠶᠠᠪᠤᠵᠤ ᠪᠤᠢ ᠵᠠᠮ ᠳᠤ ᠠᠶᠢᠯ ᠲᠠᠭᠠᠷᠠᠬᠤ ᠦᠭᠡᠢ ᠪᠣᠯ ᠠᠯᠪᠠ ᠰᠠᠭᠠᠳᠠᠳᠠᠭ᠃ ᠪᠠᠰᠠ ᠨᠢᠭᠡ ᠵᠦᠢᠯ ᠨᠢ ᠡᠯᠴᠢ ᠲᠥᠯᠦᠭᠡᠯᠡᠭᠴᠢᠳ ᠥᠪᠡᠷ ᠲᠤ ᠨᠢ ᠦᠭᠭᠦᠭᠳᠡᠭᠰᠡᠡ ᠡᠷᠬᠡ ᠶᠢᠨ ᠳᠠᠭᠠᠤ ᠢᠷᠭᠡᠳ ᠠᠴᠠ ᠬᠡᠷᠡᠭᠴᠡᠭᠡᠨ ᠤ ᠬᠡᠮᠵᠢᠶᠡᠨ ᠠᠴᠠ ᠪᠠᠨ ᠢᠯᠡᠭᠦᠦ ᠮᠠᠯ ᠭᠠᠷᠭᠠᠭᠤᠯᠬᠤ᠂ ᠢᠯᠡᠭᠦᠦ ᠵᠦᠢᠯ ᠱᠠᠭᠠᠷᠳᠠᠵᠤ ᠠᠪᠳᠠᠭ ᠪᠠᠶᠢᠵᠠᠢ᠃ ᠡᠯᠴᠢ ᠲᠥᠯᠥᠭᠡᠯᠡᠭᠴᠢᠳ ᠵᠠᠷᠢᠮ ᠲᠣᠬᠢᠶᠠᠯᠳᠤᠯ ᠳᠤ ᠵᠠᠮ ᠠᠴᠠ ᠭᠠᠵᠢᠬᠤ᠂ ᠲᠦᠭᠡᠷᠢᠬᠦ ᠡᠷᠡᠰᠳᠡᠯ ᠲᠠᠢ ᠪᠠᠶᠢᠭᠰᠠᠨ ᠪᠠᠶᠢᠨ᠎ᠠ᠃ ᠨᠢᠭᠡ ᠠᠶᠢᠯ ᠠᠴᠠ ᠨᠥᠭᠦᠭᠡ ᠠᠶᠢᠯ ᠳᠤ ᠬᠦᠷᠬᠦ ᠵᠠᠮ᠂ ᠬᠤᠭᠤᠴᠠᠭ᠎ᠠ ᠨᠢ ᠲᠡᠷᠡ ᠪᠣᠯᠭᠠᠨ ᠲᠣᠳᠣᠷᠬᠠᠢ ᠪᠤᠰᠤ ᠪᠠᠶᠢᠭᠰᠠᠨ᠂ ᠠᠶᠢᠯ ᠤᠳ ᠤᠨ ᠬᠥᠷᠦᠩᠭᠡ ᠬᠦᠴᠦ ᠬᠠᠷᠢᠯᠴᠠᠨ ᠠᠳᠠᠯᠢ ᠦᠭᠡᠢ ᠪᠠᠶᠢᠳᠠᠭ ᠤᠴᠢᠷ ᠠᠴᠠ ᠠᠯᠪᠠ ᠰᠠᠭᠠᠳᠠᠬᠤ ᠲᠣᠬᠢᠶᠠᠯᠳᠤᠯ ᠭᠠᠷᠳᠠᠭ ᠪᠠᠶᠢᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号