ᠴᠢᠩᠬᠢᠰ ᠤᠨ ᠰᠤᠷᠭᠠᠯ
ᠨᠡᠶᠢᠲᠡᠯᠡᠭᠰᠡᠨ ᠴᠠᠭ᠄
2024/1/26
  1. ᠲᠥᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠰᠦ ᠪᠦᠭᠦᠳᠡ ᠶᠢ ᠢᠯᠠᠨ᠎ᠠ᠃    2. ᠲᠥᠷᠦ ᠤᠯᠤᠰ ᠤᠨ ᠬᠠᠭᠠᠨ ᠪᠣᠯ ᠶᠡᠷᠦ ᠶᠢᠨ ᠵᠡᠷᠭᠡ ᠬᠡᠷᠬᠢᠮ ᠲᠠᠢ ᠠᠳᠠᠯᠢ ᠦᠭᠡᠢ ᠲᠤᠯᠠ ᠡᠩ ᠤᠨ ᠨᠢᠭᠡ ᠬᠡᠯᠡᠵᠦ᠂ ᠬᠡᠯᠡᠭᠳᠡᠵᠦ ᠶᠠᠭᠠᠬᠢᠨ ᠪᠣᠯᠣᠨ᠎ᠠ᠂ ᠣᠯᠠᠨ ᠤ ᠰᠡᠳᠭᠢᠯ ᠲᠡᠭᠦᠨ ᠢ ᠬᠠᠭᠠᠨ ᠮᠡᠲᠦ ᠦᠵᠡᠵᠦ ᠪᠠᠶᠢᠪᠠᠯ ᠲᠡᠷᠡ ᠬᠠᠭᠠᠨ ᠮᠦᠨ᠃    3. ᠬᠡᠷᠪᠡ ᠲᠡᠷᠢᠭᠦᠨ ᠪᠣᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠤ ᠡᠰᠡ ᠬᠠᠭᠠᠨ ᠪᠣᠯᠵᠤ ᠶᠠᠭᠤ ᠬᠢᠨ᠎ᠡ᠂ ᠲᠥᠮᠡᠨ ᠤ ᠰᠢᠪᠰᠢᠭ᠃    4. ᠮᠡᠬᠦ᠋ᠢᠨ ᠪᠠᠶᠠᠰᠬᠤ ᠨᠢ ᠡᠨᠡ ᠳᠡᠯᠡᠬᠡᠢ ᠳᠠᠬᠢᠨ ᠨᠢᠭᠡᠨ ᠭᠡᠷ ᠪᠦᠯᠢ ︵ᠮᠡᠲᠦ︶ ᠪᠣᠯᠵᠤ᠂ ᠲᠥᠪ ᠲᠥᠪᠰᠢᠨ ᠡᠩᠬᠡ ᠠᠮᠤᠭᠤᠯᠠᠩ ᠪᠣᠯᠪᠠᠰᠤ ᠰᠠᠶ᠋ᠢ ᠮᠢᠨᠤ ᠪᠠᠶᠠᠰᠤᠯ ᠢᠷᠡᠨ᠎ᠡ᠂ ᠡᠷᠭᠢᠨ ᠲᠣᠭᠤᠷᠢᠨ ᠶᠣᠰᠣ ᠪᠣᠰᠤ ᠣᠯᠠᠨ ᠬᠠᠭᠠᠳ ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠣᠯᠠᠨ ᠠᠮᠢᠲᠠᠨ ᠢ ᠶᠡᠭᠡ ᠵᠣᠪᠠᠭᠠᠵᠤᠮ᠃ ᠦᠷᠭᠦᠯᠵᠢ ᠪᠠᠶᠢᠯᠳᠤᠭᠠᠨ ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠣᠯᠵᠠᠢ᠃ ᠡᠶᠢᠮᠦ ᠠᠴᠠ ᠪᠢ ᠲᠡᠳᠡᠨ ᠢ ᠨᠣᠮᠣᠬᠠᠷᠠᠭᠤᠯᠵᠤ ᠳᠡᠯᠡᠬᠡᠢ ᠨᠡᠶᠢᠲᠡ ᠪᠠᠷ ᠡᠩᠬᠡ ᠲᠥᠪᠰᠢᠨ ᠪᠣᠯᠭᠠᠬᠤ ᠪᠣᠳᠣᠯ ᠲᠠᠢ ᠪᠠᠶᠢᠨ᠎ᠠ᠃ ᠡᠭᠦᠨ ᠢ ᠬᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠃᠂ ᠳᠣᠣᠷᠠᠳᠤ ᠬᠦᠮᠦᠨ ᠳᠤ ᠥᠷᠦᠰᠢᠶᠡᠯ ᠪᠣᠯᠬᠤ ᠪᠢᠯᠡ᠃    5. ᠬᠤᠣᠷᠲᠠᠨ ᠮᠠᠭᠤ ᠶᠢ ᠰᠠᠶᠢᠲᠤᠷ ᠵᠠᠰᠠᠵᠤ᠂ ᠬᠤᠲᠠᠯᠠ ᠤᠯᠤᠰ ᠢ ᠢᠮᠠᠭᠲᠠ ᠬᠠᠮᠠᠭᠠᠯᠠᠭᠲᠤᠨ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号