ᠪᠡᠭᠡᠵᠢᠩ ᠶᠡᠭᠡ ᠰᠤᠷᠭᠠᠭᠤᠯᠢ ᠶᠢᠨ ᠱᠧᠨᠵᠧᠨ ᠡᠮᠨᠡᠯᠭᠡ ᠶᠢᠨ ᠬᠤᠷᠢᠶᠠᠨ ᠤ ᠵᠢᠷᠦᠬᠡᠨ ᠤ ᠳᠣᠲᠣᠷ ᠰᠠᠯᠠᠭᠠᠨ ᠤ | ᠡᠷᠬᠢᠯᠡᠭᠴᠢ ᠡᠮᠴᠢ ᠦ᠋ ᠴᠦᠨ ᠲᠠᠨᠢᠯᠴᠠᠭᠤᠯᠤᠨ ᠬᠡᠯᠡᠬᠦ ᠳᠡᠭᠡᠨ᠂ ᠲᠦᠷᠭᠡᠨ ᠤᠶᠢᠯᠡᠳᠦᠯᠳᠦ ᠵᠢᠷᠦᠬᠡᠨ ᠤ ᠦᠷᠢᠯ ︵速 | 效救心丸︶᠂ ᠠᠽᠣᠲ ᠬᠦᠴᠢᠯ ᠤᠨ ᠭᠯᠢᠼᠧᠷᠢᠨ ᠬᠠᠪᠲᠠᠭᠠᠶ ᠦᠷᠢᠯ ︵硝酸甘油片︶᠂ | ᠤᠯᠠᠭᠠᠨ ᠬᠢᠵᠢᠮᠢ ᠶᠢᠨ ᠨᠡᠶᠢᠯᠡᠮᠡᠯ ᠦᠷᠢᠯ ︵复方丹参滴丸︶ ᠪᠣᠯ ᠴᠥᠮ ᠢᠳᠡᠷ ᠥᠲᠡᠯᠦᠭᠡ | ᠨᠠᠰᠤᠨ ᠤ ᠬᠥᠮᠦᠰ ᠤᠨ ᠦᠷᠭᠦᠯᠵᠢ ᠬᠡᠷᠡᠭᠯᠡᠳᠡᠭ ︽ᠠᠮᠢ ᠠᠪᠤᠷᠬᠠᠤ ᠡᠮ︾ ᠪᠤᠯᠤᠨ᠎ᠠ᠃ 1. ᠲᠦᠷᠭᠡᠨ | ᠦᠢᠯᠡᠳᠦᠯᠳᠦ ᠵᠢᠷᠦᠬᠡᠨ ᠤ ᠦᠷᠢᠯ ᠵᠢᠷᠦᠬᠡᠨ ᠪᠤᠯᠴᠢᠩ ᠤᠨ ᠴᠢᠰᠤ ᠳᠤᠲᠠᠬᠤ ᠶᠢ ᠠᠨᠠᠭᠠᠵᠤ᠂ ᠵᠢᠷᠦᠬᠡ ᠶᠢ | ᠬᠠᠮᠠᠭᠠᠯᠠᠵᠦ᠂ ᠴᠢᠰᠤᠨ ᠤ ᠨᠢᠯᠴᠠᠭᠠᠢ ᠶᠢᠨ ᠬᠡᠮᠵᠢᠶ᠎ᠡ ᠶᠢ ᠪᠠᠭᠤᠷᠠᠭᠤᠯᠵᠤ᠂ ᠪᠤᠷᠤ ᠶᠢ ᠬᠦᠭᠡᠭᠡᠵᠦ ᠡᠪᠡᠳᠬᠦ ᠶᠢ | ᠵᠣᠭᠰᠣᠭᠠᠨ᠎ᠠ᠂ ᠪᠠᠰᠠ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠨ ᠵᠠᠰᠠᠨ᠎ᠠ᠂ ᠭᠡᠪᠡᠴᠦ | ᠲᠤᠰᠬᠠᠢ ᠡᠮᠴᠢ ᠪᠤᠶᠤ ᠡᠮ ᠨᠠᠶᠢᠷᠠᠭᠴᠢ ᠶᠢᠨ ᠵᠢᠯᠣᠭᠤᠳᠤᠯᠭ᠎ᠠ ᠳᠣᠣᠷ᠎ᠠ ᠤᠤᠭᠤᠬᠤ ᠬᠡᠷᠡᠭᠲᠡᠢ᠃ 2. ᠠᠽᠣᠲ | ᠬᠦᠴᠢᠯ ᠤᠨ ᠭᠯᠢᠼᠧᠷᠢᠨ ᠬᠠᠪᠲᠠᠭᠠᠶ ᠦᠷᠢᠯ ᠲᠢᠳᠢᠮᠯᠢᠭ ᠯᠤᠬᠰᠢᠭᠤᠨ ᠰᠤᠳᠠᠯ ᠤᠨ ᠴᠢᠨᠠᠷᠳᠠᠢ ᠵᠢᠷᠦᠬᠡᠨ | ᠡᠪᠡᠳᠴᠢᠨ ᠲᠠᠢ ᠬᠦᠮᠦᠰ ᠤᠨ ᠦᠷᠭᠦᠯᠵᠢ ᠠᠪᠴᠤ ᠶᠠᠪᠤᠳᠠᠭ ᠨᠢᠭᠡ ᠵᠦᠢᠯ ᠤᠨ ᠡᠮ ᠪᠤᠯᠤᠨ᠎ᠠ᠂ ᠲᠡᠷᠡ ᠨᠢ ᠵᠢᠷᠦᠬᠡ | ᠪᠠᠵᠠᠯᠠᠵᠤ ᠡᠪᠡᠳᠬᠦ ᠶᠢ ᠲᠦᠷᠭᠡᠨ ᠨᠠᠮᠳᠠᠭᠠᠳᠠᠭ᠂ ᠭᠡᠪᠡᠴᠦ ᠵᠠᠪᠠᠯ ᠠᠩᠬᠠᠷᠬᠤ ᠬᠡᠷᠡᠭᠲᠡᠶ ᠵᠦᠢᠯ ᠪᠤᠯ ᠲᠢᠳᠢᠮᠯᠢᠭ | ᠯᠤᠬᠰᠢᠭᠤᠨ ᠰᠤᠳᠠᠯ ᠤᠨ ᠴᠢᠨᠠᠷᠳᠠᠢ ᠵᠢᠷᠦᠬᠡᠨ ᠡᠪᠡᠳᠴᠢᠨ ᠢᠶᠠᠷ ᠤᠨᠤᠰᠢᠯᠠᠬᠳᠠᠬᠰᠠᠨ ᠬᠦᠮᠦᠰ ᠰᠠᠶ᠋ᠢ ᠪᠡᠯᠡᠳᠬᠡᠬᠦ | ᠬᠡᠷᠡᠭᠲᠡᠶ᠃ 3. ᠤᠯᠠᠭᠠᠨ ᠬᠢᠵᠢᠮᠢ ᠶᠢᠨ ᠨᠡᠶᠢᠯᠡᠮᠡᠯ ᠦᠷᠢᠯ ᠲᠢᠳᠢᠮᠯᠢᠭ ᠯᠤᠬᠰᠢᠭᠤᠨ ᠰᠤᠳᠠᠯ ᠤᠨ ᠴᠢᠨᠠᠷᠳᠠᠢ ᠵᠢᠷᠦᠬᠡᠨ | ᠡᠪᠡᠳᠴᠢᠨ ᠢ ᠵᠠᠰᠠᠬᠤ ᠳᠤ ᠦᠷᠭᠦᠯᠵᠢ ᠬᠡᠷᠡᠭᠯᠡᠳᠡᠭ ᠨᠢᠭᠡ ᠵᠦᠢᠯ ᠤᠨ ᠪᠤᠯᠤᠨ᠎ᠠ᠂ ᠲᠡᠷᠡ ᠨᠢ ᠦᠢᠯᠡᠳᠦᠯ ᠢᠶᠠᠷ | ᠲᠦᠷᠭᠡᠨ ᠪᠠᠶᠢᠳᠠᠭ᠂ ᠲᠡᠭᠦᠨ ᠢ ᠵᠢᠷᠦᠬᠡ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠬᠦ ᠪᠠ ᠵᠠᠰᠠᠬᠤ ᠳᠤ | ᠬᠡᠷᠡᠭᠯᠡᠵᠦ ᠪᠣᠯᠤᠨ᠎ᠠ᠃ ᠠᠩᠬᠠᠷᠬᠤ ᠵᠦᠢᠯ᠄ ᠪᠡᠶ᠎ᠡ ᠮᠠᠬᠠᠪᠣᠳ ᠨᠢ ᠡᠪ ᠥᠬᠡᠶ ᠪᠠᠶᠢᠳᠠᠯ ᠭᠠᠷᠪᠠᠯ ᠴᠠᠭ ᠲᠤᠬᠠᠶ ᠳᠤᠨᠢ | ᠵᠢᠩᠬᠢᠨᠢ ᠡᠮᠨᠡᠯᠭᠡ ᠶᠢᠨ ᠬᠤᠷᠢᠶ᠎ᠠ ᠳᠤ ᠣᠴᠢᠵᠤ ᠡᠮᠨᠡᠭᠦᠯᠵᠦ᠂ ᠲᠤᠰᠬᠠᠶ ᠡᠮᠴᠢ ᠪᠤᠶᠤ ᠡᠮ ᠨᠠᠶᠢᠷᠠᠭᠴᠢ ᠶᠢᠨ | ᠵᠢᠯᠣᠭᠤᠳᠣᠯᠭ᠎ᠠ ᠳᠤᠤᠷ᠎ᠠ ᠲᠣᠰ ᠪᠡᠶ᠎ᠡ ᠶᠢᠨ ᠡᠪᠡᠳᠴᠢᠨ ᠤ ᠪᠠᠶᠢᠳᠠᠯ ᠢᠶᠠᠨ ᠦᠨᠳᠦᠰᠦᠯᠡᠨ ᠲᠤᠳᠤᠯᠠᠭᠤᠯᠤᠨ | ᠵᠠᠰᠠᠭᠤᠯᠵᠤ᠂ ᠡᠮᠴᠢ ᠶᠢᠨ ᠵᠢᠭᠠᠪᠤᠷᠢ ᠪᠠᠷ ᠡᠮ ᠢ ᠵᠥᠪ ᠬᠡᠷᠡᠭᠯᠡᠬᠦ ᠬᠡᠷᠡᠭᠳᠡᠢ᠂ ᠬᠠᠷᠢᠨ ᠰᠣᠬᠤᠷ ᠪᠠᠯᠠᠶ ᠪᠠᠷ ᠡᠮ | ᠬᠡᠷᠡᠭᠯᠡᠵᠦ ᠪᠣᠯᠬᠤ ᠥᠬᠡᠶ᠃ |