ᠨᠢᠭᠡ᠂ ᠴᠢᠬᠢ ᠶᠢ ᠨᠢ ᠦᠵᠡᠨ᠎ᠡ᠃ ᠡᠷᠡᠭᠦᠯ ᠦᠬᠡᠷ ᠬᠤᠶᠠᠷ ᠴᠢᠬᠢ ᠪᠠᠨ ᠶᠡᠷᠦ ᠨᠢ ᠬᠦᠳᠡᠯᠭᠡᠳᠡᠭ᠃ | ᠲᠡᠮᠳᠡᠷᠡᠬᠦ ᠳᠤ ᠪᠦᠯᠢᠶᠡᠨ ᠪᠠᠶᠢᠳᠠᠭ᠃ ᠬᠡᠮ ᠲᠠᠢ ᠦᠭᠡᠷ ᠪᠣᠯ ᠬᠤᠶᠠᠷ ᠴᠢᠬᠢ ᠪᠠᠨ ᠨᠠᠪᠳᠠᠶᠢᠯᠭᠠᠴᠢᠬᠠᠭᠠᠳ ᠶᠡᠷᠦ | ᠬᠦᠳᠡᠯᠭᠡᠳᠡᠭ ᠦᠭᠡᠢ᠂ ᠴᠢᠬᠢᠨ ᠤ ᠲᠡᠪᠢᠰᠭᠡᠷ ᠨᠢ ᠬᠠᠯᠠᠭᠤᠨ ᠪᠠᠶᠢᠳᠠᠭ᠃ ᠬᠤᠶᠠᠷ᠂ ᠨᠢᠳᠦ ᠶᠢ ᠨᠢ ᠦᠵᠡᠨ᠎ᠡ᠃ | ᠡᠷᠡᠬᠦᠯ ᠦᠭᠡᠷ ᠤᠨ ᠬᠤᠶᠠᠷ ᠨᠢᠳᠤ ᠨᠢ ᠴᠤᠭ ᠲᠠᠢ᠂ ᠬᠡᠷᠡᠯ ᠲᠠᠢ᠂ ᠬᠠᠷᠠᠴᠠ ᠨᠢ ᠬᠤᠷᠴᠠ ᠨᠢ ᠲᠤᠰᠬᠠᠯ ᠨᠢ ᠲᠦᠷᠭᠡᠨ | ᠪᠠᠶᠢᠳᠠᠭ᠃ ᠭᠡᠮ ᠲᠠᠢ ᠦᠭᠡᠷ ᠤᠨ ᠬᠤᠶᠠᠷ ᠨᠢᠳᠤ ᠨᠢ ᠳᠤᠷᠤᠭᠰᠢ ᠪᠠᠨ ᠬᠠᠷᠠᠳᠠᠭ ᠪᠠ ᠬᠠᠷᠠᠴᠠ ᠨᠢ ᠰᠤᠯᠠ᠂ | ᠪᠢᠳᠠᠭᠤ᠂ ᠲᠤᠰᠬᠠᠯ ᠦᠭᠡᠢ ᠪᠠᠶᠢᠳᠠᠭ᠃ ᠭᠤᠷᠪᠠ᠂ ᠬᠠᠮᠠᠷ ᠢ ᠨᠢ ᠦᠵᠡᠨ᠎ᠡ᠃ ᠡᠷᠡᠭᠦᠯ ᠦᠭᠡᠷ ᠤᠨ ᠬᠠᠮᠠᠷ ᠤᠨ | ᠲᠣᠯᠢᠨ ᠳᠤ ᠬᠥᠯᠥᠰᠦ ᠲᠠᠢ᠂ ᠲᠠᠷᠬᠠᠯᠲᠠ ᠨᠢ ᠵᠢᠭᠳᠡ᠂ ᠬᠠᠮᠠᠷ ᠤᠨ ᠦᠵᠦᠭᠦᠷ ᠨᠢ ᠰᠠᠶᠢᠨ ᠰᠠᠷᠳᠠᠭᠠᠨᠠᠳᠠᠭ᠃ | ᠲᠥᠷᠪᠡ᠂ ᠬᠡᠯᠡ ᠶᠢ ᠨᠢ ᠦᠵᠡᠨ᠎ᠡ᠃ ᠡᠷᠡᠭᠦᠯ ᠦᠭᠡᠷ ᠤᠨ ᠬᠡᠯᠡ ᠨᠢ ᠬᠢᠯᠠᠭᠠᠷ᠂ ᠤᠰᠤᠯᠢᠭ ᠤᠯᠠᠭᠠᠨ᠂ ᠬᠡᠯᠡᠨ ᠤ | ᠥᠡᠭᠬᠦᠷ ᠨᠢ ᠬᠡᠪ ᠤᠨ ᠪᠠᠶᠢᠳᠠᠯ ᠲᠠᠢ᠂ ᠠᠭᠰᠢᠵᠦ ᠰᠤᠩᠬᠤ ᠨᠢ ᠬᠦᠴᠦᠲᠡᠢ ᠪᠠᠶᠢᠳᠠᠭ᠃ ᠬᠡᠮ ᠲᠠᠢ ᠦᠭᠡᠷ ᠤᠨ | ᠬᠡᠯᠡ ᠨᠢ ᠬᠦᠳᠡᠬᠢ᠂ ᠬᠡᠯᠡᠨ ᠤ ᠥᠡᠭᠬᠦᠷ ᠨᠢ ᠵᠤᠵᠠᠭᠠᠨ᠂ ᠪᠠᠷᠵᠠᠭᠠᠷ᠂ ᠬᠡᠷᠡᠯ ᠦᠭᠡᠢ᠂ ᠣᠯᠠᠩᠬᠢ ᠳᠠᠭᠠᠨ ᠰᠢᠷ᠎ᠠ᠂ | ᠴᠠᠭᠠᠪᠳᠤᠷ᠂ ᠬᠦᠷᠡᠩ ᠥᠡᠭᠭᠡ ᠲᠠᠢ ᠪᠠᠶᠢᠳᠠᠭ᠃ ᠲᠠᠪᠤ᠂ ᠠᠮᠠᠨ ᠤ ᠬᠦᠨᠲᠡᠢ ᠶᠢ ᠨᠢ ᠦᠵᠡᠨ᠎ᠡ᠃ ᠡᠷᠡᠬᠦᠯ ᠦᠭᠡᠢ ᠤᠨ | ᠠᠮᠠᠨ ᠤ ᠬᠦᠨᠲᠡᠢ ᠶᠢᠨ ᠰᠠᠯᠢᠰᠤ ᠨᠢ ᠤᠯᠠᠭᠠᠪᠳᠣᠷ᠂ ᠬᠠᠯᠠᠭᠤᠨ ᠨᠢ ᠬᠡᠪ ᠤᠨ ᠦᠨᠦᠷ ᠦᠭᠡᠢ᠃ ᠬᠡᠮ ᠲᠠᠢ | ᠦᠭᠡᠷ ᠤᠨ ᠠᠮᠠᠨ ᠤ ᠬᠦᠨᠲᠡᠢ ᠨᠢ ᠬᠠᠶᠠ ᠬᠦᠢᠳᠡᠨ᠂ ᠬᠠᠶᠠ ᠬᠠᠯᠠᠭᠤᠨ᠂ ᠰᠠᠯᠢᠰᠤ ᠨᠢ ᠴᠠᠶᠢᠷᠠᠨ ᠭᠤᠭᠤᠵᠢᠬᠤ ᠪᠤᠶᠤ | ᠬᠠᠳᠠᠵᠦ ᠤᠯᠠᠶᠢᠭᠠᠳ ᠦᠮᠡᠬᠡᠢ ᠥᠨᠥᠷ ᠭᠠᠷᠳᠠᠭ᠃ ᠵᠢᠷᠭᠤᠭ᠎ᠠ᠂ ᠦᠰᠦᠨ ᠤ ᠥᠡᠭᠭᠡ ᠶᠢ ᠨᠢ ᠦᠵᠡᠨ᠎ᠡ᠃ ᠡᠷᠡᠭᠦᠯ | ᠦᠭᠡᠷ ᠤᠨ ᠦᠰᠦᠨ ᠤ ᠥᠡᠭᠭᠡ ᠨᠢ ᠬᠢᠯᠳᠤᠭᠠᠨᠠᠵᠦ᠂ ᠤᠶᠠᠨ ᠬᠠᠳᠠᠨ ᠴᠢᠨᠠᠷ ᠲᠠᠢ ᠪᠠᠶᠢᠳᠠᠭ᠃ ᠬᠡᠮ ᠲᠠᠢ ᠦᠭᠡᠷ ᠤᠨ | ᠦᠰᠦ ᠨᠢ ᠪᠣᠷᠵᠠᠶᠢᠭᠠᠳ ᠥᠡᠭᠭᠡ ᠬᠢᠯᠪᠠᠭ᠎ᠠ ᠦᠭᠡᠢ ᠪᠣᠯᠳᠠᠭ᠃ ᠲᠤᠯᠤᠭ᠎ᠠ᠂ ᠡᠪᠡᠷ ᠤᠨ ᠤᠭ ᠢ ᠦᠵᠡᠨ᠎ᠡ᠃ | ᠡᠷᠡᠭᠦᠯ ᠦᠬᠡᠷ ᠤᠨ ᠡᠪᠡᠷ ᠤᠨ ᠦᠵᠦᠬᠦᠷ ᠨᠢ ᠬᠦᠢᠳᠡᠨ᠂ ᠤᠭ ᠨᠢ ᠬᠠᠯᠠᠭᠤᠨ ᠪᠠᠶᠢᠳᠠᠭ᠃ ᠬᠡᠮ ᠲᠠᠢ ᠦᠭᠡᠷ ᠤᠨ | ᠡᠪᠡᠷ ᠤᠨ ᠤᠭ ᠨᠢ ᠬᠦᠢᠳᠡᠨ ᠪᠢᠰᠢ ᠪᠤᠯ ᠬᠠᠪ ᠬᠠᠯᠠᠭᠤᠨ ᠪᠠᠶᠢᠳᠠᠭ᠃ ᠨᠠᠢᠮᠠ᠂ ᠬᠡᠪᠢᠬᠦ ᠶᠢ ᠨᠢ ᠦᠵᠡᠨ᠎ᠡ᠃ ᠡᠷᠡᠭᠦᠯ | ᠦᠬᠡᠷ ᠤᠳᠠᠭ᠎ᠠ ᠪᠦᠷᠢ ᠡᠪᠡᠰᠦ ᠢᠳᠡᠭᠰᠡᠨ ᠤ ᠲᠠᠷᠠᠭ᠎ᠠ ᠬᠠᠭᠠᠰ ᠠᠴᠠ ᠨᠢᠭᠡ ᠴᠠᠭ ᠬᠡᠪᠢᠨ᠎ᠡ᠃ ᠨᠢᠭᠡ ᠬᠤᠨᠤᠭ ᠲᠤ 4 | — 8 ᠤᠳᠠᠭ᠎ᠠ ᠬᠡᠪᠢᠳᠡᠭ᠃ ᠬᠡᠮ ᠲᠠᠢ ᠦᠬᠡᠷ ᠬᠡᠪ ᠤᠨ ᠪᠤᠰᠤ ᠬᠡᠪᠢᠬᠦ ᠪᠤᠶᠤ ᠬᠡᠪᠢᠬᠦ ᠦᠬᠡᠢ ᠪᠠᠶᠢᠳᠠᠭ᠃ ᠶᠢᠰᠦ | ᠂ ᠪᠠᠭᠠᠰᠤ ᠰᠢᠭᠡᠰᠤ ᠶᠢ ᠨᠢ ᠦᠵᠡᠨ᠎ᠡ᠃ ᠡᠷᠡᠭᠦᠯ ᠦᠬᠡᠷ ᠤᠨ ᠪᠠᠭᠠᠰᠤ ᠨᠢ ᠵᠥᠭᠡᠯᠡᠨ ᠪᠣᠯᠪᠠᠴᠦ ᠰᠢᠩᠭᠡᠨ ᠪᠢᠰᠢ᠂ | ᠬᠠᠳᠠᠭᠤ ᠪᠣᠯᠪᠠᠴᠦ ᠵᠠᠩᠬᠢᠷᠠᠭ᠎ᠠ ᠦᠭᠡᠢ᠂ ᠮᠠᠭᠤᠬᠠᠢ ᠥᠨᠥᠷ ᠦᠬᠡᠢ᠃ ᠰᠢᠬᠡᠰᠦ ᠨᠢ ᠲᠤᠩᠭᠠᠯᠠᠭ᠂ ᠪᠠᠭᠠᠵᠤ | ᠰᠢᠭᠡᠬᠦ ᠨᠢ ᠲᠤᠭᠳᠠᠪᠤᠷᠢᠲᠡᠢ ᠪᠠᠶᠢᠳᠠᠭ᠃ ᠬᠡᠮ ᠲᠠᠢ ᠦᠬᠡᠷ ᠤᠨ ᠪᠠᠭᠠᠵᠦ ᠰᠢᠭᠡᠬᠦ ᠨᠢ ᠲᠤᠭᠳᠠᠪᠤᠷᠢ ᠦᠭᠡᠢ᠃ | ᠵᠠᠷᠢᠮ ᠳᠠᠭᠠᠨ ᠰᠢᠩᠬᠡᠨ᠂ ᠵᠠᠷᠢᠮ ᠳᠠᠭᠠᠨ ᠬᠠᠳᠠᠭᠤ ᠪᠠᠶᠢᠵᠦ ᠴᠢᠨᠠᠭᠰᠢᠯᠠᠪᠠᠯ ᠪᠠᠭᠠᠬᠤ ᠪᠠᠨ ᠪᠣᠯᠢᠳᠠᠭ᠃ ᠰᠢᠭᠡᠰᠦ ᠨᠢ | ᠰᠢᠷ᠎ᠡ ᠪᠤᠶᠤ ᠴᠢᠰᠦ ᠲᠠᠢ ᠪᠠᠶᠢᠳᠠᠭ᠃ ᠠᠷᠪᠠ᠂ ᠠᠯᠬᠤᠭ᠎ᠠ ᠶᠢ ᠨᠢ ᠦᠵᠡᠨ᠎ᠡ᠃ ᠡᠷᠡᠭᠦᠯ ᠦᠬᠡᠷ ᠤᠨ ᠠᠯᠬᠤᠬᠤ ᠨᠢ | ᠴᠤᠭ ᠵᠢᠪᠬᠤᠭ᠎ᠠ ᠲᠠᠢ᠂ ᠯᠠᠪᠳᠠᠭᠤᠨ ᠬᠦᠴᠦᠲᠡᠢ᠃ ᠲᠣᠯᠣᠭᠠᠢ ᠪᠠᠨ ᠰᠠᠵᠢᠯᠠᠭᠤᠯᠵᠤ ᠰᠡᠭᠦᠯ ᠢᠶᠠᠨ ᠬᠦᠳᠡᠯᠭᠡᠳᠡᠭ᠃ | ᠬᠡᠮ ᠲᠠᠢ ᠦᠬᠡᠷ ᠤᠨ ᠠᠯᠬᠤᠬᠤ ᠨᠢ ᠬᠦᠴᠦ ᠮᠠᠭᠤᠲᠠᠢ᠂ ᠰᠡᠭᠦᠯ ᠢᠶᠠᠨ ᠬᠦᠳᠠᠯᠭᠡᠬᠦ ᠦᠭᠡᠢ᠂ ᠠᠯᠬᠤᠬᠤ ᠲᠤᠷ᠎ᠠ | ᠦᠭᠡᠢ ᠪᠤᠶᠤ ᠬᠡᠪᠳᠡᠴᠢᠭᠡᠭᠡᠳ ᠪᠤᠰᠬᠤ ᠦᠭᠡᠢ ᠪᠠᠶᠢᠳᠠᠭ᠃ | |