ᠨᠢᠭᠡᠨ ᠡᠮᠡᠭᠲᠡᠢ ︽ᠬᠤᠭᠤᠴᠠᠭ᠎ᠠ ᠨᠢ ᠥᠩᠭᠡᠷᠡᠭᠰᠡᠨ︾ ᠨᠢᠳᠦᠨ ᠤ ᠡᠮ ᠢ ᠬᠡᠷᠡᠭᠯᠡᠭᠰᠡᠨ ᠤ ᠳᠠᠷᠠᠭ᠎ᠠ ᠬᠠᠷᠠᠭ᠎ᠠ ᠨᠢ | 0.1 ᠪᠣᠯᠪᠠ ᠣᠶᠢᠷ᠎ᠠ ᠳᠤ᠂ ᠦᠬᠠᠨ ᠤ 29 ᠨᠠᠰᠤᠲᠠᠢ ᠵᠣᠣ ᠠᠪᠠᠭ᠋ᠠᠢ ᠺᠣᠮᠫᠢᠦ᠋ᠲ᠋ᠧᠷ ᠬᠠᠷᠠᠨ ᠤᠷᠲᠤ | ᠬᠤᠭᠤᠴᠠᠭ᠎ᠠ ᠪᠠᠷ ᠠᠵᠢᠯᠯᠠᠭᠰᠠᠨ ᠠᠴᠠ ᠪᠣᠯᠵᠤ᠂ ᠨᠢᠳᠦ ᠨᠢ ᠣᠰᠬᠤᠷᠤᠨ ᠡᠪᠡᠳᠦᠭᠰᠡᠨ ᠳᠤ᠂ ᠴᠢᠨᠠᠷ ᠢ ᠪᠠᠲᠤᠯᠠᠬᠤ | ᠬᠤᠭᠤᠴᠠᠭ᠎ᠠ ᠨᠢ ᠨᠢᠭᠡ ᠵᠢᠯ ᠦᠯᠡᠳᠡᠵᠦ ᠪᠠᠶᠢᠭ᠎ᠠ ᠨᠢᠭᠡ ᠯᠣᠩᠬᠤ ᠨᠢᠳᠦᠨ ᠤ ᠡᠮ ᠢ ᠤᠷᠪᠠᠭᠤᠯᠤᠨ ᠭᠠᠷᠭᠠᠵᠤ᠂ | ᠨᠢᠳᠦᠨ ᠳᠤ ᠪᠠᠨ ᠬᠡᠳᠦᠨ ᠳᠤᠰᠤᠯ ᠳᠤᠰᠤᠯᠭᠠᠭᠰᠠᠨ ᠤ ᠳᠠᠷᠠᠭ᠎ᠠ᠂ ᠣᠰᠬᠤᠷᠣᠨ ᠡᠪᠡᠳᠬᠦ ᠪᠠᠶᠢᠳᠠᠯ ᠨᠢ ᠪᠠᠭ᠋ᠠᠨ | ᠨᠠᠮᠳᠠᠭᠰᠠᠨ ᠰᠢᠭ᠋ ᠰᠠᠨᠠᠭᠳᠠᠵᠠᠢ᠃ ᠭᠡᠪᠡᠴᠦ ᠳᠠᠷᠠᠭ᠎ᠠ ᠡᠳᠦᠷ ᠨᠢ ᠵᠣᠣ ᠠᠪᠠᠭ᠋ᠠᠢ ᠶᠢᠨ ᠨᠢᠳᠦ ᠨᠢ ᠤᠯᠠᠶᠢᠵᠤ ᠬᠠᠪᠤᠳᠤᠨ | ᠨᠢᠯᠪᠤᠰᠤ ᠤᠨᠠᠭᠠᠵᠤ᠂ ᠰᠢᠭᠦᠷᠡᠳᠡᠰᠦ ᠨᠢ ᠮᠡᠳᠡᠭᠳᠡᠮ᠎ᠡ ᠨᠡᠮᠡᠭᠳᠡᠵᠦ᠂ ᠶᠠᠭᠤᠮ᠎ᠠ ᠦᠵᠡᠬᠦ ᠳᠤ ᠨᠢ ᠴᠦ ᠪᠠᠯᠠᠷᠬᠠᠢ | ᠪᠣᠯᠤᠭᠰᠠᠨ ᠲᠤᠯᠠ ᠳᠠᠷᠦ᠋ᠢᠬᠠᠨ ᠡᠮᠨᠡᠯᠭᠡ ᠳᠤ ᠬᠦᠷᠴᠦ ᠡᠮᠨᠡᠭᠦᠯᠪᠡ᠃ ᠪᠠᠶᠢᠴᠠᠭᠠᠯᠲᠠ ᠪᠠᠷ ᠳᠠᠮᠵᠢᠭᠠᠳ ᠵᠣᠣ | ᠠᠪᠠᠭ᠋ᠠᠢ ᠶᠢᠨ ᠡᠪᠡᠷᠯᠢᠭ ᠪᠦᠷᠬᠦᠪᠴᠢ ᠨᠢ ᠤᠯᠠᠶᠢᠵᠤ ᠬᠠᠪᠤᠳᠤᠨ ᠦᠷᠪᠢᠰᠴᠦ᠂ ᠬᠠᠷᠠᠭ᠎ᠠ ᠨᠢ 0.1 ᠯᠡ ᠦᠯᠡᠳᠡᠵᠡᠢ᠃ | ᠡᠮᠴᠢ ᠨᠢᠳᠦᠨ ᠤ ᠡᠮ ᠢ ᠪᠠᠶᠢᠴᠠᠭᠠᠭᠰᠠᠨ ᠤ ᠳᠠᠷᠠᠭ᠎ᠠ᠂ ᠡᠨᠡ ᠨᠢ ᠲᠡᠭᠦᠨ ᠤ ᠬᠠᠭᠠᠰ ᠵᠢᠯ ᠤᠨ ᠡᠮᠦᠨ᠎ᠡ | ᠨᠡᠭᠡᠭᠡᠭᠰᠡᠨ ᠤ ᠳᠠᠷᠠᠭ᠎ᠠ ᠦᠯᠡᠳᠡᠭᠰᠡᠨ ᠭᠡᠳᠡᠭ ᠢ ᠣᠯᠵᠤ ᠮᠡᠲᠡᠭᠰᠡᠨ ᠪᠠ ᠲᠡᠭᠦᠨ ᠢ ᠬᠤᠭᠤᠴᠠᠭ᠎ᠠ ᠨᠢ ᠥᠩᠭᠡᠷᠡᠭᠰᠡᠨ | ᠨᠢᠳᠦᠨ ᠤ ᠤᠰᠤᠨ ᠡᠮ ᠢ ᠬᠡᠷᠡᠭᠯᠡᠭᠰᠡᠨ ᠠᠴᠠ ᠪᠣᠯᠤᠭᠰᠠᠨ ᠪᠠᠺᠲ᠋ᠧᠷᠢᠲᠦ ᠡᠪᠡᠷᠯᠢᠭ ᠪᠦᠷᠬᠦᠪᠴᠢ ᠶᠢᠨ ᠦᠷᠪᠢᠰᠦᠯ ᠢᠶᠠᠷ | ᠣᠨᠣᠰᠢᠯᠠᠪᠠ᠃ ᠨᠢᠳᠦᠨ ᠤ ᠤᠰᠤᠨ ᠡᠮ ᠤᠨ ᠴᠢᠨᠠᠷ ᠢ ᠪᠠᠲᠤᠯᠠᠬᠤ ᠬᠤᠭᠤᠴᠠᠭ᠎ᠠ ≠ ᠬᠡᠷᠡᠭᠯᠡᠬᠦ ᠬᠤᠭᠤᠴᠠᠭ᠎ᠠ | ᠨᠢᠳᠦᠨ ᠤ ᠤᠰᠤᠨ ᠡᠮ ᠤᠨ ᠴᠢᠨᠠᠷ ᠢ ᠪᠠᠲᠤᠯᠠᠬᠤ ᠬᠤᠭᠤᠴᠠᠭ᠎ᠠ ᠨᠢ ᠪᠠᠰᠠ ᠵᠢᠯ ᠰᠢᠬᠠᠮ ᠪᠠᠶᠢᠲᠠᠯ᠎ᠠ ᠶᠠᠭᠠᠬᠢᠭᠠᠳ ︽ | ᠬᠤᠭᠤᠴᠠᠭ᠎ᠠ ᠨᠢ ᠥᠩᠭᠡᠷᠡᠭᠰᠡᠨ︾ ᠪᠤᠢ︖ ᠡᠮᠴᠢ ᠶᠢᠨ ᠰᠠᠨᠠᠭᠤᠯᠤᠭᠰᠠᠨ ᠢᠶᠠᠷ᠂ ᠨᠢᠳᠦᠨ ᠤ ᠡᠮ ᠤᠨ ᠭᠠᠳᠠᠷ | ᠪᠣᠭᠤᠳᠠᠯ ᠳᠡᠭᠡᠷᠡᠬᠢ ᠴᠢᠨᠠᠷ ᠢ ᠪᠠᠲᠤᠯᠠᠬᠤ ᠬᠤᠭᠤᠴᠠᠭ᠎ᠠ ᠭᠡᠳᠡᠭ ᠨᠢ ᠶᠡᠷᠦ ᠳᠡᠭᠡᠨ ᠬᠡᠷᠡᠯ ᠠᠴᠠ ᠵᠠᠶᠢᠯᠠᠬᠤ ᠨᠥᠬᠦᠴᠡᠯ | ᠳᠣᠣᠷ᠎ᠠ ᠪᠢᠲᠡᠭᠦᠮᠵᠢ ᠶᠢ ᠨᠢ ᠨᠡᠭᠡᠭᠡᠭᠰᠡᠨ ᠦᠭᠡᠢ ᠬᠡᠷᠡᠭᠯᠡᠬᠦ ᠬᠤᠭᠤᠴᠠᠭ᠎ᠠ ᠶᠢ ᠵᠢᠭᠠᠨ᠎ᠠ᠃ ᠪᠢᠲᠡᠭᠦᠮᠵᠢ ᠶᠢ | ᠨᠡᠭᠡᠭᠡᠭᠰᠡᠨ ᠤ ᠳᠠᠷᠠᠭ᠎ᠠ 4 ᠭᠠᠷᠠᠭ ᠠᠴᠠ ᠬᠡᠲᠦᠷᠡᠪᠡᠯ ᠬᠡᠷᠡᠭᠯᠡᠬᠦ ᠶᠢ ᠰᠠᠨᠠᠭᠠᠴᠢᠯᠠᠬᠤ ᠦᠭᠡᠢ᠃ ᠤᠴᠢᠷ ᠨᠢ ᠣᠯᠠᠨ | ᠤᠳᠠᠭ᠎ᠠ ᠳᠠᠬᠢᠨ ᠳᠠᠪᠲᠠᠨ ᠨᠡᠭᠡᠭᠡᠬᠦ ᠦᠶ᠎ᠡ ᠳᠤ ᠡᠮ ᠤᠨ ᠵᠦᠢᠯ ᠪᠣᠬᠢᠷᠲᠤᠵᠤ᠂ ᠦᠷᠭᠦᠯᠵᠢᠯᠡᠨ ᠬᠡᠷᠡᠭᠯᠡᠪᠡᠯ | ᠬᠤᠶᠠᠳᠠᠭᠴᠢ ᠬᠠᠯᠳᠠᠪᠤᠷᠢᠯᠠᠯ ᠡᠭᠦᠰᠬᠡᠵᠦ ᠮᠡᠳᠡᠨ᠎ᠡ᠂ ᠵᠢᠱᠢᠶᠡᠯᠡᠪᠡᠯ ᠨᠡᠶᠢᠯᠡᠮᠡᠯ ᠪᠦᠷᠬᠦᠪᠴᠢ ᠶᠢᠨ ᠦᠷᠪᠢᠰᠦᠯ᠂ | ᠴᠢᠨᠠᠭᠰᠢᠯᠠᠪᠠᠯ ᠡᠪᠡᠷᠯᠢᠭ ᠪᠦᠷᠬᠦᠪᠴᠢ ᠶᠢᠨ ᠦᠷᠪᠢᠰᠦᠯ ᠢ ᠴᠦ ᠡᠭᠦᠰᠬᠡᠵᠦ ᠮᠡᠳᠡᠨ᠎ᠡ᠃ ᠬᠡᠷᠪᠡ ᠴᠠᠭ ᠲᠤᠬᠠᠢ ᠳᠤᠨᠢ | ᠡᠮᠨᠡᠨ ᠵᠠᠰᠠᠬᠤ ᠦᠭᠡᠢ ᠪᠣᠯ ᠡᠪᠡᠷᠯᠢᠭ ᠪᠦᠷᠬᠦᠪᠴᠢ ᠶᠢᠨ ᠰᠢᠷᠬᠠᠯᠠᠭ᠎ᠠ᠂ ᠬᠠᠷᠠᠭ᠎ᠠ ᠮᠠᠭᠤᠳᠠᠬᠤ᠂ ᠴᠢᠨᠠᠭᠰᠢᠯᠠᠨ | ᠬᠠᠷᠠᠭ᠎ᠠ ᠠᠯᠳᠠᠬᠤ ᠳᠤ ᠬᠦᠷᠦᠨ᠎ᠡ ᠭᠡᠵᠡᠢ᠃ |