ᠲᠠ ᠮᠠᠷᠢᠶ᠎ᠠ ᠪᠠᠨ ᠰᠢᠭᠤᠷᠠᠭᠤᠯᠤᠶ᠎ᠠ ᠭᠡᠵᠦ ᠬᠦᠰᠡᠵᠦ ᠪᠠᠶᠢᠨ᠎ᠠ ᠤᠤ
ᠨᠡᠶᠢᠲᠡᠯᠡᠭᠰᠡᠨ ᠴᠠᠭ᠄
2024/9/3
   ᠮᠠᠷᠢᠶ᠎ᠠ ᠰᠢᠭᠤᠷᠠᠭᠤᠯᠬᠤ ᠴᠣᠷ ᠤᠨ ᠭᠠᠭᠴᠠ ᠠᠷᠭ᠎ᠠ ᠨᠢ ᠳᠠᠷᠤᠢ ᠢᠳᠡᠵᠦ ᠤᠷᠤᠭᠤᠯᠤᠭᠰᠠᠨ ᠬᠠᠯᠠᠭᠤᠨ ᠤ ᠡᠨᠧᠷᠭᠢ ᠨᠢ ᠵᠠᠷᠤᠴᠠᠭᠤᠯᠬᠤ ᠬᠠᠯᠠᠭᠤᠨ ᠤ ᠡᠨᠧᠷᠭᠢ ᠠᠴᠠ ᠪᠠᠭ᠎ᠠ ᠪᠠᠶᠢᠬᠤ ᠬᠡᠷᠡᠭᠲᠡᠢ᠃ ᠡᠭᠦᠨ ᠢ ᠪᠡᠶᠡᠯᠡᠭᠦᠯᠬᠦ ᠬᠠᠮᠤᠭ ᠰᠠᠶᠢᠨ ᠠᠷᠭ᠎ᠠ ᠭᠡᠪᠡᠯ ᠲᠦᠯᠦᠪᠯᠡᠭᠡ ᠲᠠᠢ ᠪᠠᠷ ᠪᠡᠶ᠎ᠡ ᠶᠢᠨ ᠲᠠᠮᠢᠷ ᠤᠨ ᠬᠦᠳᠡᠯᠭᠡᠭᠡᠨ ᠬᠢᠬᠦ ᠶᠢᠨ ᠬᠠᠮᠲᠤ ᠤᠷᠤᠭᠤᠯᠬᠤ ᠬᠠᠯᠠᠭᠤᠨ ᠤ ᠡᠨᠧᠷᠭᠢ ᠪᠠᠨ ᠵᠣᠷᠢᠯᠭ᠎ᠠ ᠲᠠᠢ ᠪᠠᠷ ᠪᠠᠭᠠᠰᠬᠠᠨ᠎ᠠ᠃ ᠢᠩᠭᠢᠵᠦ ᠬᠢᠶ᠎ᠡ ᠭᠡᠪᠡᠯ ᠨᠢᠭᠡ ᠳᠤ ᠢᠳᠡᠰᠢᠨ ᠤ ᠠᠷᠭ᠎ᠠ ᠪᠠᠨ ᠦᠭᠡᠷᠡᠴᠢᠯᠡᠬᠦ ᠬᠡᠷᠡᠭᠲᠡᠢ᠃ ᠬᠤᠶᠠᠷ ᠲᠤ ᠪᠣᠯᠪᠠᠰᠤᠷᠠᠬᠤ ᠠᠷᠭ᠎ᠠ ᠪᠠᠨ ᠦᠭᠡᠷᠡᠴᠢᠯᠡᠬᠦ ᠬᠡᠷᠡᠭᠲᠡᠢ᠃ ᠢᠳᠡᠰᠢᠨ ᠤ ᠠᠷᠭ᠎ᠠ᠄ 1᠂ ᠴᠢᠳᠠᠬᠤ ᠶᠢᠨ ᠳᠣᠲᠤᠷ᠎ᠠ ᠬᠠᠯᠠᠭᠤᠨ ᠤ ᠡᠨᠧᠷᠭᠢ ᠠᠷᠪᠢᠨ ᠤᠮᠳᠠᠭᠠᠨ ᠢ ᠪᠠᠭ᠎ᠠ ᠤᠤᠭᠤᠨ᠎ᠠ᠃ ᠫᠢᠸᠣ᠋᠂ ᠦᠵᠦᠮ ᠤᠨ ᠠᠷᠢᠬᠢ ᠵᠡᠷᠭᠡ ᠰᠫᠢᠷᠲ ᠲᠠᠢ ᠤᠮᠳᠠᠭᠠᠨ ᠢ ᠤᠤᠭᠤᠬᠤ ᠦᠭᠡᠢ᠂ ᠴᠠᠢ᠂ ᠤᠰᠤ ᠂ ᠲᠣᠰᠤ ᠶᠢ ᠨᠢ ᠠᠪᠤᠭᠰᠠᠨ ᠦᠨᠢᠶᠡᠨ ᠰᠦ ᠪᠠ ᠰᠢᠬᠢᠷ ᠦᠭᠡᠢ᠂ ᠰᠫᠢᠷᠲ ᠦᠭᠡᠢ ᠤᠮᠳᠠᠭᠠᠨ ᠢ ᠤᠤᠭᠤᠵᠤ ᠪᠤᠯᠤᠨ᠎ᠠ ᠃ 2᠂ ᠲᠣᠰᠤᠨ ᠳᠤ ᠪᠣᠴᠠᠯᠭᠠᠭᠰᠠᠨ ᠢᠳᠡᠭᠡᠨ ᠢ ᠢᠳᠡᠬᠦ ᠦᠭᠡᠢ᠃ ᠶᠠᠮᠠᠷᠪᠠ ᠢᠳᠡᠭᠡᠨ ᠢ ᠭᠠᠳᠠᠭᠤᠷ ᠨᠢ ᠭᠤᠯᠢᠷ ᠨᠠᠭᠠᠯᠳᠤᠭᠤᠯᠵᠤ ᠲᠣᠰᠤᠨ ᠳᠤ ᠪᠣᠴᠠᠯᠭᠠᠮᠠᠭᠴᠠ ᠲᠡᠭᠦᠨ ᠤ ᠬᠠᠯᠠᠭᠤᠨ ᠤ ᠡᠨᠧᠷᠭᠢ ᠨᠢ ᠤᠤᠯ ᠠᠴᠠ ᠪᠠᠨ ᠨᠢᠭᠡ ᠳᠠᠬᠢᠨ ᠨᠡᠮᠡᠭᠳᠡᠬᠦ ᠶᠤᠮ᠃ 3᠂ ᠤᠭᠤᠷᠠᠭ ᠤᠨ ᠢᠳᠡᠭᠡᠨ ᠢ ᠪᠣᠯᠭᠤᠮᠵᠢᠲᠠᠢ ᠰᠤᠩᠭᠤᠬᠤ ᠬᠡᠷᠡᠭᠲᠡᠢ᠃ ᠬᠠᠷ᠎ᠠ ᠮᠢᠬᠠᠨ ᠳᠤ ᠤᠭᠤᠷᠠᠭ ᠠᠷᠪᠢᠨ ᠠᠭᠤᠯᠤᠭᠳᠠᠳᠠᠭ᠂ ᠭᠡᠪᠡᠴᠦ ᠬᠦᠮᠦᠨ ᠢ ᠮᠠᠷᠢᠶᠠᠯᠠᠭᠤᠯᠬᠤ ᠬᠡᠮᠵᠢᠶ᠎ᠡ ᠨᠢ ᠭᠠᠭ᠋ᠠᠢ ᠶᠢᠨ ᠮᠢᠬ᠎ᠠ ᠪᠣᠯ ᠦᠬᠡᠷ ᠤᠨ ᠮᠢᠬ᠎ᠠ ᠠᠴᠠ ᠦᠨᠳᠦᠷ᠂ ᠦᠬᠡᠷ ᠤᠨ ᠮᠢᠬ᠎ᠠ ᠪᠣᠯ ᠵᠢᠭᠦᠷᠲᠡᠨ ᠤ ᠮᠢᠬ᠎ᠠ ᠠᠴᠠ ᠦᠨᠳᠦᠷ᠂ ᠵᠢᠭᠦᠷᠲᠡᠨ ᠤ ᠮᠢᠬ᠎ᠠ ᠪᠣᠯ ᠵᠢᠭᠠᠰᠤᠨ ᠤ ᠮᠢᠬ᠎ᠠ ᠠᠴᠠ ᠦᠨᠳᠦᠷ ᠪᠠᠶᠢᠳᠠᠭ᠃ ᠭᠡᠬᠦ ᠳᠤ ᠭᠠᠭ᠋ᠠᠢ ᠶᠢᠨ ᠬᠠᠷ᠎ᠠ ᠮᠢᠬ᠎ᠠ ᠠᠴᠠ ᠨᠡᠩ ᠠᠮᠠᠷᠬᠠᠨ ᠬᠦᠮᠦᠨ ᠢ ᠮᠠᠷᠢᠶᠠᠯᠠᠭᠤᠯᠬᠤ ᠢᠳᠡᠭᠡᠨ ᠭᠡᠪᠡᠯ ᠳᠠᠷᠤᠬᠤ᠂ ᠤᠳᠤᠬᠤ᠂ ᠰᠢᠷᠠᠬᠤ᠂ ᠬᠠᠲᠠᠭᠠᠬᠤ ᠶᠢ ᠳᠠᠮᠵᠢᠭᠰᠠᠨ ᠪᠣᠶᠤ ᠪᠣᠯᠪᠠᠰᠤᠷᠠᠭᠤᠯᠤᠯᠲᠠ ᠶᠢ ᠳᠠᠮᠵᠢᠭᠰᠠᠨ ᠮᠢᠬ᠎ᠠ ᠪᠣᠯᠤᠨ᠎ᠠ᠃ ᠵᠢᠱᠢᠶᠡᠯᠡᠪᠡᠯ ᠬᠢᠮ᠎ᠠ᠂ ᠤᠳᠤᠭᠰᠠᠨ ᠮᠢᠬ᠎ᠠ ᠮᠡᠲᠦ᠃ 4᠂ ᠰᠢᠬᠢᠷᠯᠢᠭ ᠢᠳᠡᠭᠡᠨ ᠢ ᠪᠠᠭ᠎ᠠ ᠢᠳᠡᠨ᠎ᠡ᠃ ᠰᠢᠬᠢᠷ ᠤᠨ ᠳᠤᠲᠤᠷ᠎ᠠ ᠶᠡᠭᠡ ᠬᠡᠮᠵᠢᠶᠡᠨ ᠤ ᠬᠠᠯᠠᠭᠤᠨ ᠤ ᠡᠨᠧᠷᠭᠢ ᠪᠠᠶᠢᠬᠤ ᠲᠤᠯᠠ ᠢᠳᠡᠵᠦ ᠣᠷᠤᠭᠤᠯᠤᠭᠰᠠᠨ ᠤ ᠳᠠᠷᠠᠭ᠎ᠠ ᠠᠮᠠᠷᠬᠠᠨ ᠦᠭᠡᠬᠦ ᠪᠣᠯᠵᠤ ᠬᠤᠪᠢᠷᠠᠬᠤ ᠶᠤᠮ᠃ ᠪᠣᠯᠪᠠᠰᠤᠷᠠᠬᠤ ᠠᠷᠭ᠎ᠠ᠄ 1᠂ ᠦᠷᠯᠦᠭᠡ ᠪᠦᠷᠢ 30 ᠮᠢᠨᠦ᠋ᠲ ᠠᠯᠬᠤᠬᠤ ᠨᠢ ᠪᠡᠶ᠎ᠡ ᠶᠢᠨ ᠬᠦᠨᠳᠦ ᠶᠢ ᠪᠠᠭᠤᠷᠠᠭᠤᠯᠬᠤ ᠰᠠᠶᠢᠨ ᠠᠷᠭ᠎ᠠ ᠮᠦᠨ᠃ ᠲᠡᠷᠡ ᠨᠢ ᠶᠠᠮᠠᠷ ᠤᠷᠠᠨ ᠲᠠᠮᠢᠷ ᠬᠢᠭᠰᠡᠨ ᠠᠴᠠ ᠴᠤ ᠰᠠᠶᠢᠨ ᠶᠤᠮ᠃ ᠤᠴᠢᠷ ᠨᠢ ᠠᠯᠬᠤᠬᠤ ᠪᠤᠯ ᠬᠡᠰᠡᠭ ᠬᠤᠭᠤᠴᠠᠭᠠᠨ ᠳᠤᠲᠤᠷᠠᠬᠢ ᠪᠦᠬᠦ ᠪᠡᠶ᠎ᠡ ᠶᠢᠨ ᠬᠦᠳᠡᠯᠭᠡᠭᠡᠨ ᠪᠣᠯᠬᠤ ᠲᠤᠯᠠ ᠢᠪᠴᠤᠤ ᠬᠡᠪᠴᠢᠶᠡᠨ ᠳᠣᠲᠤᠷᠠᠬᠢ ᠪᠡᠶ᠎ᠡ  ᠶᠢᠨ ᠬᠦᠳᠡᠯᠭᠡᠭᠡᠨ ᠠᠴᠠ ᠬᠤᠯᠠ ᠰᠠᠶᠢᠨ ᠶᠤᠮ᠃ ᠲᠠ ᠬᠡᠳᠦᠢ ᠬᠤᠯᠠ ᠶᠠᠪᠤᠵᠤ᠂ ᠴᠠᠭ ᠨᠢ ᠬᠡᠳᠦᠢ ᠤᠷᠲᠤ ᠪᠤᠯ ᠬᠦᠳᠡᠯᠭᠡᠭᠡᠨ ᠨᠢ ᠲᠡᠳᠦᠢ ᠶᠡᠭᠡ ᠪᠠᠶᠢᠵᠤ ᠬᠠᠯᠠᠭᠤᠨ ᠤ ᠡᠨᠧᠷᠭᠢ ᠶᠢ ᠵᠠᠷᠤᠴᠠᠭᠤᠯᠬᠤ ᠨᠢ ᠠᠷᠪᠢᠨ ᠪᠠᠶᠢᠳᠠᠭ᠃ 2᠂ ᠠᠯᠬᠤᠬᠤ ᠪᠠᠷ ᠲᠡᠷᠭᠡ ᠤᠨᠤᠬᠤ ᠶᠢ ᠣᠷᠤᠯᠠᠭᠤᠯᠵᠤ ᠶᠠᠪᠤᠪᠠᠯ ᠰᠠᠶᠢᠨ᠃ ᠴᠠᠬᠢᠯᠭᠠᠨ ᠱᠠᠲᠤ ᠶᠢ ᠬᠡᠷᠡᠭᠯᠡᠬᠦ ᠦᠭᠡᠢ᠂ ᠠᠰᠠᠷ ᠤᠨ ᠱᠠᠲᠤ ᠶᠢ ᠶᠠᠪᠠᠭᠠᠨ ᠢᠶᠠᠷ ᠶᠠᠪᠤᠵᠤ ᠬᠠᠮᠤᠭ ᠤᠨ ᠦᠨᠳᠦᠷ ᠳᠠᠪᠬᠤᠷ ᠲᠤ ᠬᠦᠷᠦᠨ᠎ᠡ᠃ ᠠᠵᠢᠯ  ᠳᠤ ᠭᠠᠷᠬᠤ ᠳᠠᠭᠠᠨ ᠶᠠᠪᠠᠭᠠᠨ ᠶᠠᠪᠤᠵᠤ᠂ ᠶᠠᠪᠠᠭᠠᠨ ᠢᠶᠠᠷ ᠨᠡᠯᠢᠶᠡᠳ ᠬᠤᠯᠠ ᠲᠡᠷᠭᠡᠨ ᠦᠷᠲᠡᠭᠡᠨ ᠳᠤ ᠣᠴᠢᠨ᠎ᠠ᠃ 3᠂ ᠦᠳᠡ ᠳᠤ ᠪᠠᠭ᠎ᠠ ᠤᠨᠲᠠᠭᠠᠷᠠᠢ᠃ ᠬᠠᠭᠠᠰ ᠴᠠᠭ ᠠᠯᠬᠤᠬᠤ ᠨᠢ ᠬᠠᠭᠠᠰ ᠴᠠᠭ ᠤᠨᠲᠠᠬᠤ ᠠᠴᠠ ᠨᠡᠩ ᠢᠯᠡᠭᠦᠦ ᠤᠷᠮ᠎ᠠ ᠶᠢ ᠰᠡᠷᠭᠦᠭᠡᠬᠦ ᠪᠦᠭᠡᠳ ᠲᠠᠮᠢᠷ ᠬᠦᠴᠦ ᠶᠢ ᠨᠡᠮᠡᠭᠳᠡᠭᠦᠯᠬᠦ ᠶᠤᠮ᠃ 4᠂ ᠶᠠᠭᠤᠮ᠎ᠠ ᠢᠳᠡᠶ᠎ᠡ ᠭᠡᠵᠦ ᠶᠡᠭᠡ ᠰᠠᠨᠠᠬᠤ ᠦᠶ᠎ᠡ ᠳᠤ ᠭᠠᠷᠤᠭᠠᠳ ᠠᠯᠬᠤᠭᠠᠷᠠᠢ᠃ ᠬᠤᠭᠤᠯᠠᠨ ᠤ ᠴᠠᠭ ᠪᠣᠯᠬᠤ ᠦᠶ᠎ᠡ ᠳᠤ ᠵᠡᠭᠡᠯᠢ ᠳᠤ ᠭᠠᠷᠴᠤ ᠲᠤᠭᠤᠷᠢᠵᠤ᠂ ᠰᠢᠬᠢᠷᠯᠢᠭ ᠵᠦᠢᠯ ᠢ ᠢᠳᠡᠶ᠎ᠡ ᠭᠡᠵᠦ ᠰᠠᠨᠠᠬᠤ ᠦᠶ᠎ᠡ ᠳᠤ ᠭᠠᠳᠠᠨ᠎ᠠ ᠭᠠᠷᠤᠭᠠᠳ ᠶᠠᠪᠤᠨ᠎ᠠ᠃ ᠲᠠ ᠢᠩᠭᠢᠵᠦ ᠭᠠᠷᠤᠭᠠᠳ ᠶᠠᠪᠤᠪᠠᠯ ᠢᠳᠡᠭᠡᠨ ᠤ ᠲᠠᠲᠠᠯᠲᠠ ᠠᠴᠠ ᠠᠶᠠᠨᠳᠠᠭᠠᠨ ᠵᠠᠶᠢᠯᠠᠰᠭᠢᠬᠤ ᠪᠦᠭᠡᠳ ᠲᠠ ᠬᠡᠳᠦ᠋ᠢᠪᠡᠷ ᠪᠡᠶ᠎ᠡ ᠶᠢᠨ ᠠᠶ᠎ᠠ ᠪᠠᠷ ᠢᠶᠠᠨ ᠠᠯᠬᠤᠵᠤ ᠪᠠᠶᠢᠪᠠᠴᠤ ᠲᠠᠨ ᠤ ᠬᠠᠯᠠᠭᠤᠨ ᠤ ᠡᠨᠧᠷᠭᠢ ᠴᠢᠨᠢ ᠪᠠᠭᠤᠷᠠᠵᠤ ᠯᠡ ᠪᠠᠶᠢᠬᠤ ᠶᠤᠮ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号