ᠭᠡᠵᠢᠭᠡ ᠪᠠᠨ ᠦᠷᠭᠦᠯᠵᠢ ᠰᠠᠮᠨᠠᠪᠠᠯ ᠰᠠᠶᠢᠨ᠃ ᠦᠷᠯᠦᠭᠡ ᠪᠣᠰᠤᠭᠠᠳ ᠭᠡᠵᠢᠭᠡ ᠪᠠᠨ 120 ᠤᠳᠠᠭ᠎ᠠ ᠠᠶᠠᠲᠠᠶᠢᠬᠠᠨ | ᠰᠠᠮᠨᠠᠨ᠎ᠠ᠃ ᠭᠡᠵᠢᠭᠡ ᠪᠠᠨ ᠰᠠᠮᠨᠠᠪᠠᠯ ᠲᠠᠷᠢᠬᠢ ᠶᠢ ᠡᠷᠡᠭᠦᠯᠰᠢᠭᠦᠯᠵᠦ ᠨᠢᠳᠤ ᠶᠢ ᠰᠠᠷᠠᠭᠤᠯᠰᠢᠭᠤᠯᠵᠤ ᠡᠪᠡᠳᠴᠢᠨ ᠢ | ᠠᠷᠢᠯᠭᠠᠨ᠎ᠠ᠃ ᠨᠢᠭᠤᠷ ᠢᠶᠠᠨ ᠢᠯᠡᠭᠦᠬᠡᠨ ᠵᠦᠯᠭᠦᠪᠡᠯ ᠰᠠᠶᠢᠨ᠃ ᠤᠨᠲᠠᠭᠠᠳ ᠪᠣᠰᠬᠤ ᠪᠦᠷᠢ ᠬᠤᠶᠠᠷ ᠭᠠᠷ ᠤᠨ | ᠠᠯᠠᠭ᠎ᠠ ᠪᠠᠷ ᠢᠶᠠᠨ ᠬᠠᠮᠠᠷ ᠢᠶᠠᠨ ᠬᠠᠪᠴᠢᠨ ᠳᠣᠣᠷ᠎ᠠ ᠠᠴᠠ ᠳᠡᠭᠡᠭᠰᠢ᠂ ᠬᠤᠶᠠᠷ ᠭᠠᠷ ᠢᠶᠠᠨ ᠳᠡᠭᠡᠷ᠎ᠡ ᠠᠴᠠ ᠳᠣᠭᠤᠭᠰᠢ | 30 ᠤᠳᠠᠭ᠎ᠠ ᠵᠦᠯᠭᠦᠨ᠎ᠡ᠃ ᠨᠢᠭᠤᠷ ᠢᠶᠠᠨ ᠵᠦᠯᠭᠦᠪᠡᠯ ᠠᠲᠤᠷᠢᠶ᠎ᠠ ᠶᠢ ᠳᠠᠷᠤᠵᠤ ᠴᠢᠷᠠᠢ ᠶᠢ ᠰᠠᠶᠢᠬᠠᠨ ᠪᠣᠯᠭᠠᠨ᠎ᠠ᠃ | ᠨᠢᠳᠦ ᠪᠠᠨ ᠦᠷᠭᠦᠯᠵᠢ ᠡᠷᠭᠢᠯᠳᠦᠭᠦᠯᠪᠡᠯ ᠰᠠᠶᠢᠨ᠃ ᠬᠤᠶᠠᠷ ᠭᠠᠷ ᠤᠨ ᠠᠯᠠᠭ᠎ᠠ ᠪᠠᠷ ᠢᠶᠠᠨ ᠵᠡᠭᠦᠨ ᠪᠠᠷᠠᠭᠤᠨ | ᠴᠢᠬᠢ ᠪᠠᠨ ᠳᠠᠷᠤᠵᠤ᠂ ᠳᠤᠯᠤᠪᠤᠷ ᠬᠤᠷᠤᠭᠤ ᠪᠠᠷ ᠢᠶᠠᠨ ᠳᠤᠮᠳᠠ ᠬᠤᠷᠤᠭᠤ ᠪᠠᠨ ᠳᠠᠷᠤᠵᠤ ᠵᠠᠯᠭᠠᠭᠠᠳ ᠳᠤᠯᠤᠪᠤᠷ | ᠬᠤᠷᠤᠭᠤ ᠪᠠᠨ ᠭᠤᠯᠭᠤᠭᠤᠯᠬᠤ ᠬᠦᠳᠡᠯᠦᠯ ᠢᠶᠠᠷ ᠲᠣᠬᠤ ᠪᠠᠨ ᠬᠦᠩᠭᠡᠬᠡᠨ 24 ᠤᠳᠠᠭ᠎ᠠ ᠲᠣᠭᠰᠢᠨ᠎ᠠ᠃ ᠴᠢᠬᠢ ᠪᠠᠨ | ᠬᠦᠩᠭᠢᠨᠡᠭᠦᠯᠪᠡᠯ ᠲᠣᠯᠤᠭᠠᠢ ᠡᠷᠭᠢᠵᠦ ᠴᠢᠬᠢ ᠱᠤᠤᠭᠢᠬᠤ ᠶᠢ ᠵᠠᠰᠠᠵᠤ ᠴᠢᠳᠠᠨ᠎ᠠ᠃ ᠰᠢᠳᠦ ᠪᠠᠨ ᠦᠷᠭᠦᠯᠵᠢ ᠬᠠᠵᠠᠪᠠᠯ | ᠰᠠᠶᠢᠨ᠃ ᠡᠷᠳᠡ ᠤᠷᠤᠢ ᠲᠤᠰ ᠲᠤᠰ ᠪᠠᠷᠢᠮᠳᠠᠯᠠᠨ᠎ᠠ᠃ ᠡᠨᠡ ᠬᠦᠳᠡᠯᠭᠡᠭᠡᠨ ᠳᠤ ᠤᠷᠢᠳᠠᠪᠡᠷ ᠠᠷᠠᠭ᠎ᠠ ᠪᠠᠨ 36 | ᠤᠳᠠᠭ᠎ᠠ ᠬᠠᠵᠠᠵᠤ ᠳᠤᠭᠰᠢᠨ᠂ ᠳᠠᠷᠠᠭ᠎ᠠ ᠨᠢ ᠡᠭᠦᠳᠡᠨ ᠰᠢᠳᠦ ᠪᠠᠨ 36 ᠤᠳᠠᠭ᠎ᠠ ᠬᠠᠵᠠᠵᠤ ᠲᠤᠭᠰᠢᠨᠠ᠃ | ᠰᠢᠳᠦ ᠪᠠᠨ ᠬᠠᠵᠠᠵᠤ ᠲᠣᠭᠰᠢᠪᠠᠯ ᠰᠢᠳᠦ ᠪᠦᠬᠡᠰᠢᠵᠦ ᠡᠪᠡᠳᠴᠢᠨ ᠬᠦᠷᠬᠦ ᠦᠭᠡᠢ ᠪᠣᠯᠤᠨ᠎ᠠ᠃ ᠬᠡᠯᠡ ᠪᠠᠷ ᠢᠶᠠᠨ | ᠲᠠᠩᠨᠠᠢ ᠪᠠᠨ ᠳᠤᠯᠤᠭᠤᠪᠠᠯ ᠰᠠᠶᠢᠨ᠃ ᠬᠡᠯᠡᠨ ᠤ ᠦᠵᠦᠭᠦᠷ ᠢᠶᠠᠨ ᠤᠷᠤᠭᠤᠯ ᠪᠤᠶᠢᠯᠠ ᠰᠢᠳᠦᠨ ᠤ ᠬᠤᠭᠤᠷᠤᠨᠳᠤ | ᠲᠠᠯᠪᠢᠨ ᠵᠡᠭᠦᠨᠰᠢ ᠪᠠᠷᠠᠭᠤᠨᠰᠢ ᠲᠤᠰ ᠲᠤᠰ 30 ᠤᠳᠠᠭ᠎ᠠ ᠳᠣᠯᠤᠭᠤᠵᠤ᠂ ᠰᠢᠯᠦᠰᠦ ᠬᠤᠷᠠᠭᠤᠯᠤᠭᠠᠳ ᠵᠠᠯᠭᠢᠨ᠎ᠠ᠃ | ᠰᠢᠯᠦᠰᠦ ᠪᠣᠯ ᠲᠠᠪᠤᠨ ᠴᠤᠯᠤ ᠵᠢᠷᠭᠤᠭᠠᠨ ᠰᠠᠪᠠ ᠶᠢ ᠰᠢᠮᠡᠵᠢᠭᠦᠯᠳᠡᠭ᠃ ᠪᠣᠬᠢᠷ ᠬᠡᠢ ᠶᠢ ᠦᠷᠭᠦᠯᠵᠦ | ᠭᠠᠳᠠᠭᠰᠢᠯᠠᠭᠤᠯᠪᠠᠯ ᠰᠠᠶᠢᠨ᠃ ᠠᠮᠢᠰᠬᠤᠯ ᠢᠶᠠᠨ ᠳᠠᠷᠤᠵᠤ ᠴᠡᠭᠡᠵᠢ ᠪᠠᠨ ᠲᠡᠯᠡᠳᠦᠨᠡ᠃ ᠲᠣᠯᠤᠭᠠᠢ ᠪᠠᠨ ᠭᠡᠳᠡᠶᠢᠵᠦ | ᠪᠣᠬᠢᠷ ᠬᠡᠢ ᠶᠢ 5 — 7 ᠤᠳᠠᠭ᠎ᠠ ᠠᠮᠢᠰᠬᠤᠵᠤ ᠭᠠᠷᠭᠠᠨ᠎ᠠ᠃ ᠪᠣᠬᠢᠷ ᠬᠡᠢ ᠶᠢ ᠭᠠᠳᠠᠭᠰᠢᠯᠠᠭᠤᠯᠪᠠᠯ ᠬᠤᠷᠠᠮᠳᠤᠯ | ᠬᠡᠢ ᠶᠢ ᠠᠷᠢᠯᠭᠠᠵᠤ ᠦᠷᠦᠴᠡ ᠴᠡᠭᠡᠵᠢ ᠶᠢ ᠰᠠᠷᠠᠭᠤᠯᠵᠢᠭᠤᠯᠤᠨ᠎ᠠ᠃ ᠭᠡᠳᠡᠰᠦ ᠪᠠᠨ ᠦᠷᠭᠦᠯᠵᠢ ᠢᠯᠢᠪᠡᠯ ᠰᠠᠶᠢᠨ᠃ | ᠭᠠᠷ ᠤᠨ ᠠᠯᠠᠭ᠎ᠠ ᠪᠠᠨ ᠬᠠᠪᠰᠤᠷᠴᠤ ᠨᠢᠯᠴᠢᠭᠢᠨᠡᠲᠡᠯᠡ ᠢᠯᠢᠭᠡᠳ ᠭᠡᠳᠡᠰᠦᠨ ᠳᠡᠭᠡᠷ᠎ᠡ ᠪᠠᠨ ᠲᠠᠯᠪᠢᠨ᠎ᠠ᠃ ᠳᠠᠷᠠᠭ᠎ᠠ ᠨᠢ | ᠬᠦᠢᠰᠦ ᠪᠠᠷ ᠢᠶᠠᠨ ᠲᠦᠪᠯᠡᠭᠦᠯᠵᠦ ᠪᠠᠭ᠎ᠠ ᠬᠡᠪᠴᠢᠶ᠎ᠡ ᠪᠠᠷ ᠳᠤᠭᠤᠶᠢᠯᠠᠵᠤ 12 ᠤᠳᠠᠭ᠎ᠠ ᠢᠯᠢᠨ᠎ᠡ᠃ ᠭᠡᠳᠡᠰᠦ ᠪᠠᠨ | ᠢᠯᠢᠪᠡᠯ ᠬᠡᠢ ᠶᠢ ᠨᠡᠪᠲᠡᠷᠡᠭᠦᠯᠦᠨ᠎ᠡ᠃ ᠬᠦᠯ ᠢᠶᠠᠨ ᠦᠷᠭᠦᠯᠵᠢ ᠬᠦᠳᠡᠯᠭᠡᠪᠡᠯ ᠰᠠᠶᠢᠨ᠃ ᠬᠤᠶᠠᠷ ᠭᠠᠷ ᠢᠶᠠᠷ ᠢᠶᠠᠨ | ᠬᠤᠶᠠᠷ ᠮᠦᠷᠦ ᠪᠠᠨ ᠴᠢᠩᠭ᠎ᠠ ᠰᠦᠯᠵᠢᠨ ᠠᠳᠬᠤᠵᠤ ᠤᠷᠢᠳᠠᠪᠡᠷ ᠵᠦᠪ ᠲᠡᠰᠢ ᠪᠠᠨ ᠳᠠᠷᠠᠭ᠎ᠠ ᠨᠢ ᠪᠤᠷᠤᠭᠤ ᠲᠡᠰᠢ ᠪᠠᠨ | ᠲᠤᠰ ᠲᠤᠰ 24 ᠤᠳᠠᠭ᠎ᠠ ᠡᠷᠭᠢᠵᠦ ᠬᠦᠳᠡᠯᠬᠡᠨ᠎ᠡ᠃ ᠲᠡᠭᠰᠢ ᠰᠠᠭᠤᠵᠤ ᠵᠡᠭᠦᠨ ᠬᠦᠯ ᠢᠶᠠᠨ ᠡᠷᠭᠦᠨ ᠡᠭᠴᠡ | ᠰᠢᠯᠤᠭᠤᠨ ᠪᠣᠯᠬᠤ ᠬᠢᠷᠢ ᠳᠤ ᠪᠣᠷᠪᠢ ᠪᠠᠷ ᠢᠶᠠᠨ ᠭᠠᠵᠠᠷ ᠭᠢᠰᠭᠢᠨᠡ᠃ ᠢᠩᠭᠢᠵᠦ 5 ᠤᠳᠠᠭ᠎ᠠ ᠪᠣᠯᠪᠠᠰᠤᠷᠠᠭᠠᠳ | ᠳᠠᠷᠠᠭ᠎ᠠ ᠨᠢ ᠪᠠᠷᠠᠭᠤᠨ ᠬᠦᠯ ᠢᠶᠠᠨ ᠰᠣᠯᠢᠵᠤ 5 ᠤᠳᠠᠭ᠎ᠠ ᠪᠣᠯᠪᠠᠰᠤᠷᠠᠨ᠎ᠠ᠃ ᠬᠤᠶᠠᠷ ᠬᠦᠯ ᠢᠶᠠᠨ ᠡᠶᠢᠨᠬᠦ | ᠬᠦᠳᠡᠯᠭᠡᠪᠡᠯ ᠦᠶ᠎ᠡ ᠭᠡᠰᠢᠭᠦᠦ ᠲᠠᠯᠪᠢᠭᠤᠷᠠᠨᠠ᠃ ᠬᠦᠯ ᠤᠨ ᠤᠯᠠ ᠪᠠᠨ ᠦᠷᠭᠦᠯᠵᠢ ᠢᠯᠢᠪᠡᠯ ᠰᠠᠶᠢᠨ᠃ | ᠤᠨᠲᠠᠬᠤ ᠠᠴᠠ ᠪᠠᠨ ᠡᠮᠦᠨ᠎ᠡ ᠬᠦᠯ ᠢᠶᠠᠨ ᠤᠬᠢᠶᠠᠭᠠᠳ ᠠᠯᠠᠭ᠎ᠠ ᠪᠠᠷ ᠢᠶᠠᠨ ᠬᠦᠯ ᠤᠨ ᠤᠯᠠ ᠪᠠᠨ 50 — 100 | ᠤᠳᠠᠭ᠎ᠠ ᠢᠯᠢᠨ᠎ᠡ᠃ ᠤᠷᠢᠳᠠᠪᠡᠷ ᠵᠡᠭᠦᠨ ᠬᠦᠯ ᠤᠨ ᠤᠯᠠ ᠪᠠᠨ ᠳᠠᠷᠠᠭ᠎ᠠ ᠨᠢ ᠪᠠᠷᠠᠭᠤᠨ ᠬᠦᠯ ᠤᠨ ᠤᠯᠠ ᠪᠠᠨ | ᠢᠯᠢᠨ᠎ᠡ᠃ ᠡᠨᠡ ᠨᠢ ᠬᠦᠯ ᠢ ᠳᠤᠯᠠᠭᠠᠯᠠᠵᠤ ᠪᠦᠭᠡᠷᠡᠨ ᠳᠤ ᠲᠤᠰᠠᠯᠠᠨ᠎ᠠ᠃ ᠪᠠᠰᠠ ᠵᠢᠷᠦᠬᠡ ᠪᠦᠭᠡᠷ᠎ᠡ ᠶᠢᠨ ᠬᠡᠢ ᠶᠢ | ᠨᠡᠪᠲᠡᠷᠡᠭᠦᠯᠵᠦ ᠨᠦᠢᠷ ᠰᠠᠶᠢᠨ ᠪᠣᠯᠤᠨ᠎ᠠ᠃ ᠨᠢᠷᠤᠭᠤ ᠪᠠᠨ ᠦᠷᠭᠦᠯᠵᠢ ᠳᠤᠯᠠᠭᠠᠯᠠᠪᠠᠯ ᠰᠠᠶᠢᠨ᠃ ︽ᠬᠦᠮᠦᠨ | ᠨᠢᠷᠤᠭᠤ ᠪᠠᠷ ᠢᠶᠠᠨ ᠡᠬᠢᠯᠡᠵᠦ ᠵᠢᠩᠭᠢᠨᠠᠨᠠ︾ ᠭᠡᠳᠡᠭ ᠡᠷᠲᠡᠨ ᠤ ᠬᠦᠮᠦᠰ ᠨᠢᠷᠤᠭᠤ ᠪᠠᠨ ᠳᠤᠯᠠᠭᠠᠯᠠᠬᠤ ᠶᠢ ᠣᠨᠴᠠ | ᠠᠩᠬᠠᠷᠴᠤ ᠬᠢᠮᠤᠷᠠᠭ᠎ᠠ ᠶᠢ ᠰᠡᠷᠭᠡᠶᠢᠯᠡᠳᠡᠭ᠃ |