ᠣᠶᠢᠷ᠎ᠠ ᠳᠤ ᠠᠮᠧᠷᠢᠺᠠ ᠳᠤ 2011 ᠣᠨ ᠠᠴᠠ ᠨᠠᠭᠠᠰᠢᠬᠢ ᠬᠠᠮᠤᠭ ᠤᠨ ᠲᠣᠮᠣ ᠯᠢᠰᠲ᠋ᠢ ᠪᠠᠺᠲ᠋ᠧᠷᠢ ᠶᠢᠨ | ᠬᠢᠵᠢᠭ ᠡᠭᠦᠰᠴᠦ 9 ᠬᠥᠮᠦᠨ ᠦᠬᠦᠵᠡᠢ᠃ ᠵᠧᠵᠢᠶᠠᠩ ᠤᠨ ᠣᠯᠠᠨ ᠭᠠᠵᠠᠷ ᠲᠤ ᠪᠠᠰᠠ ᠯᠢᠰᠲ ᠪᠠᠺᠲ᠋ᠧᠷᠢ | ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠭᠠᠷᠴᠠᠢ᠂ ᠲᠡᠷᠡ ᠨᠢ ᠢᠳᠡᠭᠡᠨ ᠢᠶᠠᠷ ᠬᠠᠯᠳᠠᠪᠤᠷᠢᠯᠠᠵᠤ᠂ - 20 ℃ ᠤᠨ | ᠬᠦᠢᠲᠡᠨ ᠣᠷᠴᠢᠨ ᠳᠤ ᠨᠢᠭᠡ ᠵᠢᠯ ᠠᠮᠢᠳᠤᠷᠠᠵᠤ ᠴᠢᠳᠠᠳᠠᠭ᠃ ᠣᠶᠢᠷ᠎ᠠ ᠳᠤ᠂ ᠬᠠᠩᠵᠧᠦ ᠶᠢᠨ 60 ᠭᠠᠷᠤᠬᠰᠠᠨ | ᠨᠢᠭᠡᠨ ᠨᠠᠰᠤᠳᠠᠨ ᠼᠧᠨ ᠠᠪᠠᠭ᠋ᠠᠶ ᠶᠡᠭᠡ ᠪᠠᠷ ᠬᠠᠯᠠᠭᠤᠷᠠᠵᠦ ᠬᠠᠯᠠᠭᠤᠨ ᠨᠢ ᠪᠠᠭᠤᠷᠠᠬᠤ ᠥᠬᠡᠶ ᠪᠠᠶᠢᠬᠰᠠᠨ ᠢᠶᠠᠨ | ᠬᠡᠨᠡᠳᠳᠡ ᠮᠠᠨᠠᠷᠠᠬᠰᠠᠨ ᠠᠴᠠ ᠪᠠᠴᠢᠮ ᠲᠦᠷᠭᠡᠨ ᠠᠪᠣᠷᠠᠯᠳᠠ ᠶᠢᠨ ᠦᠷᠤᠬᠡᠨ ᠳᠤ ᠬᠦᠷᠭᠡᠨ ᠡᠮᠨᠡᠭᠦᠯᠪᠡ᠃ ᠡᠮᠴᠢ | ᠲᠡᠭᠦᠨ ᠤ ᠡᠪᠡᠳᠴᠢᠨ ᠤ ᠬᠢᠨᠢ ᠪᠠᠶᠢᠳᠠᠯ ᠢ ᠠᠰᠠᠭᠤᠵᠤ ᠪᠠᠶᠢᠴᠠᠭᠠᠬᠤ ᠪᠠᠷ ᠲᠠᠮᠵᠢᠭᠠᠳ ᠤᠳᠠᠭᠠᠨ ᠡᠳᠦᠷ | ᠲᠠᠯᠪᠢᠭᠰᠠᠨ ᠲᠠᠷᠪᠤᠰ ᠢᠳᠡᠭᠰᠡᠨ ᠢᠶᠠᠷ ᠠᠵᠠ ᠪᠤᠰᠤ ᠪᠠᠷ ᠯᠢᠰᠲ ᠪᠠᠺᠲ᠋ᠧᠷᠢ ᠳᠤ ᠬᠠᠯᠳᠠᠪᠤᠷᠢᠯᠠᠭᠳᠠᠵᠤ ᠲᠠᠷᠢᠬᠢᠨ ᠤ | ᠢᠳᠡᠭᠡᠲᠦ ᠬᠠᠪᠤᠳᠠᠷ ᠪᠤᠯᠤᠬᠰᠠᠨ ᠢ ᠮᠡᠳᠡᠵᠡᠢ᠃ 6 ᠰᠠᠷ᠎ᠠ ᠳᠤ᠂ ᠸᠧᠨᠵᠧᠦ ᠶᠢᠨ ᠨᠢᠭᠡᠨ ᠵᠢᠷᠮᠦᠰᠦᠨ ᠪᠦᠰᠡᠭᠦᠢ | ᠬᠥᠷᠥᠭᠡᠭᠦᠷ ᠲᠤᠳᠤᠷ᠎ᠠ ᠪᠠᠨ ᠲᠠᠯᠪᠢᠵᠦ ᠪᠠᠶᠢᠬᠰᠠᠨ ᠠᠮᠰᠠᠷ ᠢ ᠨᠢ ᠨᠡᠭᠡᠭᠡᠭᠰᠡᠨ ᠰᠢᠨ᠎ᠡ ᠦᠨᠢᠶᠡᠨ ᠰᠦ ᠶᠢ ᠤᠤᠭᠤᠭᠠᠳ | ᠴᠢᠰᠤ ᠦᠵᠢᠷᠡᠬᠦ ᠡᠪᠡᠳᠴᠢᠨ ᠡᠭᠦᠰᠭᠡᠵᠦ᠂ ᠬᠡᠪᠡᠯᠢ ᠳᠠᠬᠢ ᠬᠡᠦᠬᠡᠳ ᠢ ᠡᠷᠲᠡ ᠬᠥᠩᠭᠡᠵᠢᠭᠦᠯᠵᠦ᠂ ᠬᠠᠯᠳᠠᠪᠤᠷᠢᠯᠠᠯ ᠤᠨ | ᠴᠢᠨᠠᠷᠲᠠᠢ ᠱᠣᠺ ᠪᠣᠯᠪᠠ᠃ ᠲᠡᠭᠡᠭᠡᠳ ᠲᠤᠰ ᠡᠪᠡᠳᠴᠢᠲᠡᠨ ᠢ ᠯᠢᠰᠲ ᠪᠠᠺᠲ᠋ᠧᠷᠢ ᠳᠤ ᠬᠠᠯᠳᠠᠪᠤᠷᠢᠯᠠᠭᠳᠠᠪᠠ ᠭᠡᠵᠦ | ᠣᠨᠣᠰᠢᠯᠠᠨ ᠲᠤᠳᠤᠯᠠᠬᠰᠠᠨ ᠪᠠᠶᠢᠨ᠎ᠠ᠃ ᠯᠢᠰᠲ ᠪᠠᠺᠲ᠋ᠧᠷᠢ ᠪᠣᠯ ᠪᠠᠶᠢᠭᠠᠯᠢ ᠶᠢᠷᠲᠢᠨᠴᠦ ᠳᠤ ᠥᠷᠭᠡᠨ ᠢᠶᠠᠷ ᠣᠷᠣᠰᠢᠵᠤ | ᠪᠠᠶᠢᠳᠠᠭ ᠨᠢᠭᠡ ᠵᠦᠢᠯ ᠤᠨ ᠪᠠᠺᠲ᠋ᠧᠷᠢ ᠮᠥᠨ᠂ ᠲᠡᠷᠡ ᠨᠢ ᠢᠳᠡᠭᠡᠨ ᠠᠴᠠ ᠰᠢᠯᠲᠠᠭᠠᠯᠠᠭᠰᠠᠨ ᠡᠪᠡᠳᠴᠢᠨ ᠢ ᠬᠡᠨᠡᠳᠳᠡ | ᠡᠭᠦᠰᠭᠡᠳᠡᠭ ᠭᠤᠣᠯ ᠡᠪᠡᠳᠴᠢᠨ ᠡᠭᠦᠰᠭᠡᠭᠴᠢ ᠮᠥᠨ᠂ ᠪᠠᠰᠠ ᠴᠤ ᠠᠮᠢᠨ ᠳᠤ ᠬᠦᠷᠭᠡᠬᠦ ᠢᠳᠡᠭᠡᠨ ᠠᠴᠠ | ᠰᠢᠯᠲᠠᠭᠠᠯᠠᠭᠰᠠᠨ ᠡᠪᠡᠳᠴᠢᠨ ᠡᠭᠦᠰᠭᠡᠭᠴᠢ ᠶᠢᠨ ᠨᠢᠭᠡ ᠮᠥᠨ᠂ ᠲᠡᠭᠦᠨ ᠤ ᠬᠦᠮᠦᠨ ᠢ ᠦᠬᠦᠬᠦᠯᠬᠦ ᠨᠤᠷᠮ᠎ᠠ ᠨᠢ 20 | % ᠠᠴᠠ 50% ᠬᠦᠷᠴᠦ ᠪᠤᠢ᠃ ᠯᠢᠰᠲ ᠪᠠᠺᠲ᠋ᠧᠷᠢ ᠨᠢ 0 ᠠᠴᠠ 4 ℃ ᠤᠨ ᠬᠦᠢᠲᠡᠨ ᠣᠷᠴᠢᠨ ᠳᠤ ᠮᠥᠨ ᠯᠡ | ᠦᠷᠡᠵᠢᠵᠦ᠂ - 20 ℃ ᠤᠨ ᠬᠦᠢᠲᠡᠨ ᠣᠷᠴᠢᠨ ᠳᠤ ᠴᠤ 1 ᠵᠢᠯ ᠠᠮᠢᠳᠤᠷᠠᠵᠤ ᠴᠢᠳᠠᠳᠠᠭ︕ ᠲᠦᠭᠦᠬᠡᠶ ᠰᠦ | ᠵᠢᠴᠢ ᠲᠡᠭᠦᠨ ᠤ ᠪᠦᠲᠦᠭᠡᠭᠳᠡᠬᠦᠨ᠂ ᠵᠠᠶᠢᠷᠮᠠᠭ᠂ ᠲᠦᠭᠦᠬᠡᠶ ᠢᠳᠡᠭᠡᠨ᠂ ᠵᠢᠮᠢᠰ ᠢᠳᠡᠰᠢᠨ ᠨᠣᠭᠤᠭ᠎ᠠ᠂ ᠮᠢᠬ᠎ᠠ ᠵᠢᠴᠢ | ᠮᠢᠬᠠᠨ ᠢᠳᠡᠭᠡᠨ᠂ ᠬᠦᠢᠳᠡᠨ ᠪᠣᠯᠭᠤᠭᠰᠠᠨ ᠢᠳᠡᠭᠡᠨ ᠲᠦᠭᠦᠭᠡᠢ ᠢᠳᠡᠭᠡᠨ᠂ ᠣᠳᠣᠭᠰᠠᠨ ᠢᠳᠡᠭᠡᠨ ᠵᠡᠷᠭᠡ ᠨᠢ ᠪᠦᠷ | ᠯᠢᠰᠲ ᠪᠠᠺᠲ᠋ᠧᠷᠢ ᠳᠤ ᠠᠮᠠᠷᠬᠠᠨ ᠪᠣᠬᠢᠷᠲᠤᠭᠳᠠᠬᠤ ᠢᠳᠡᠭᠡᠨ ᠪᠣᠯᠤᠨ᠎ᠠ᠃ | | |