9 ᠳ᠋ᠦ᠋ᠭᠡᠷ ᠰᠠᠷ᠎ᠠ ᠶᠢᠨ 23 ᠤ ᠡᠳᠦᠷ᠂ ᠷᠦᠩ ᠱᠧᠩ ᠡᠨᠧᠷᠭᠢ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ︵ | ᠥᠪᠥᠷ ᠮᠣᠩᠭᠤᠯ︶ ᠤᠨ ᠬᠢᠵᠠᠭᠠᠷᠲᠤ ᠺᠣᠮᠫᠠᠨᠢ 138.62 ᠳ᠋ᠦᠩᠰᠢᠭᠤᠷ ᠲᠥᠭᠦᠷᠢᠭ ᠢᠶᠠᠷ ᠵᠡᠭᠦᠨᠭᠠᠷ ᠤᠨ ᠳᠤᠮᠳᠠ | ᠬᠡᠰᠡᠭ ᠲᠠᠬᠢ ᠠᠭᠤᠷᠬᠠᠶ ᠶᠢᠨ ᠲᠤᠭᠤᠷᠢᠭ ᠤᠨ ᠬᠠᠳᠠᠲᠤ ᠠᠭᠤᠷᠬᠠᠶ ᠶᠢᠨ ᠰᠠᠪᠠ ᠶᠢᠨ ᠨᠡᠭᠦᠷᠡᠰᠦᠨ ᠤ ᠡᠬᠢ | ᠪᠠᠶᠠᠯᠢᠭ ᠤᠨ ᠬᠠᠶᠢᠨ ᠰᠢᠨᠵᠢᠬᠦ ᠡᠷᠬᠡ ᠶᠢ ᠥᠷᠢᠰᠦᠯᠳᠦᠨ ᠣᠯᠪᠠ᠃ 59.44 ᠺᠦᠸᠠᠳ᠋ ᠺᠢᠯᠣᠮᠧᠳ᠋ᠷ ᠲᠠᠯᠠᠪᠠᠢ ᠲᠠᠢ | ᠠᠭᠤᠷᠬᠠᠢ ᠶᠢᠨ ᠰᠠᠪᠠ ᠶᠢᠨ ᠡᠬᠢ ᠪᠠᠶᠠᠯᠢᠭ ᠤᠨ ᠬᠡᠮᠵᠢᠶ᠎ᠡ ᠨᠢ ᠪᠠᠷᠤᠭ 20 ᠳ᠋ᠦᠩᠰᠢᠭᠤᠷ ᠲᠣᠨ ᠪᠣᠯᠬᠤ ᠶᠢ | ᠪᠠᠶᠢᠴᠠᠭᠠᠨ ᠲᠣᠳᠣᠯᠠᠵᠤ᠂ ᠵᠢᠯ ᠳᠤ 800 ᠲᠦᠮᠡᠨ ᠲᠣᠨ ᠦᠢᠯᠡᠳᠪᠦᠷᠢᠯᠡᠬᠦ ᠬᠡᠪᠴᠢᠶᠡᠵᠢᠯ ᠲᠠᠢ ᠪᠠᠶᠢᠯᠭᠠᠬᠤ ᠪᠠᠷ | ᠲᠦᠯᠦᠪᠵᠢᠭᠦᠯᠵᠦ ᠪᠠᠶᠢᠨ᠎ᠠ᠃ ︵ᠪᠠᠶᠢᠭᠠᠯᠢ ᠶᠢᠨ ᠡᠬᠢ ᠪᠠᠶᠠᠯᠢᠭ ᠤᠨ ᠲᠢᠩᠬᠢᠮ᠂ ᠵᠡᠭᠦᠨᠭᠠᠷ ᠬᠤᠰᠢᠭᠤᠨ ᠤ | ᠵᠠᠰᠠᠭ ᠤᠨ ᠣᠷᠳᠣᠨ︶ | 9 ᠳ᠋ᠦ᠋ᠭᠡᠷ ᠰᠠᠷ᠎ᠠ ᠶᠢᠨ 23 ᠤ ᠡᠳᠦᠷ ᠠᠴᠠ 24 ᠤ ᠡᠳᠦᠷ ᠪᠣᠯᠲᠠᠯ᠎ᠠ᠂ ᠠᠯᠠᠱᠠ ᠠᠶᠢᠮᠠᠭ ᠦᠬᠠᠶ | ᠬᠤᠲᠠ ᠯᠤᠭ᠎ᠠ ᠤᠯᠠᠭᠠᠨᠪᠤᠬ᠎ᠠ ᠶᠢᠨ ᠦᠬᠠᠶ ᠨᠠᠭᠤᠷ ᠤᠨ ᠤᠯᠤᠰ ᠤᠨ ᠲᠠᠰ ᠤᠨ ᠵᠢᠭᠤᠯᠴᠢᠯᠠᠯ ᠤᠨ ᠠᠮᠠᠷᠠᠯᠲᠠ ᠶᠢᠨ | ᠣᠷᠣᠨ ᠢ ᠡᠭᠦᠳᠦᠨ ᠪᠠᠶᠢᠭᠤᠯᠬᠤ ᠬᠠᠮᠲᠤᠷᠠᠯᠴᠠᠭᠠᠨ ᠤ ᠵᠥᠪᠯᠡᠯᠴᠡᠭᠡᠷ ᠲᠣᠭᠲᠠᠪᠠ᠃ ︵ᠦᠬᠠᠢ ᠬᠤᠳᠠ ᠶᠢᠨ | ᠵᠠᠰᠠᠭ ᠤᠨ ᠤᠷᠳᠤᠨ᠂ ᠠᠯᠠᠱᠠ ᠠᠶᠢᠮᠠᠭ ᠤᠨ ᠵᠠᠬᠢᠷᠭ᠎ᠠ︶ | ᠣᠶᠢᠷ᠎ᠠ ᠳᠤ᠂ ᠪᠠᠷᠠᠭᠤᠨ ᠦᠵᠦᠮᠦᠴᠢᠨ ᠬᠤᠰᠢᠭᠤᠨ ᠤ ᠬᠠᠬᠢᠷ ᠬᠦᠢᠲᠡᠨ ᠭᠠᠵᠠᠷ ᠣᠷᠣᠨ ᠢᠶᠠᠷ ᠵᠢᠯ ᠳᠤ ᠬᠤᠶᠠᠷ | ᠤᠳᠠᠭ᠎ᠠ ᠬᠤᠷᠢᠶᠠᠬᠤ ᠨᠣᠬᠠᠢ ᠶᠢᠨ ᠬᠤᠰᠢᠭᠤ ᠶᠢ ᠲᠤᠷᠰᠢᠨ ᠲᠠᠷᠢᠭᠠᠳ ᠠᠮᠵᠢᠯᠲᠠ ᠣᠯᠵᠤ᠂ ᠪᠦᠬᠦ ᠣᠷᠣᠨ ᠳᠠᠬᠢ | ᠠᠳᠠᠯᠢ ᠥᠷᠭᠡᠷᠢᠭᠲᠦ ᠬᠠᠬᠢᠷ ᠬᠦᠢᠲᠡᠨ ᠭᠠᠵᠠᠷ ᠣᠷᠣᠨ ᠢᠶᠠᠷ ᠨᠣᠬᠠᠢ ᠶᠢᠨ ᠬᠤᠰᠢᠭᠤ ᠶᠢ ᠵᠢᠯ ᠳᠤ ᠬᠤᠶᠠᠷ ᠤᠳᠠᠭ᠎ᠠ | ᠬᠤᠷᠢᠶᠠᠬᠤ ᠠᠩᠬᠠᠳᠠᠭᠴᠢ ᠭᠠᠵᠠᠷ ᠣᠷᠣᠨ ᠪᠣᠯᠣᠭᠰᠠᠨ ᠪᠠᠶᠢᠨ᠎ᠠ᠃ ︵ᠰᠢᠯᠢ ᠶᠢᠨ ᠭᠤᠣᠯ ᠠᠶᠢᠮᠠᠭ ᠤᠨ ᠵᠠᠬᠢᠷᠭ᠎ᠠ︶ | ᠣᠳᠣᠬᠠᠨ ᠪᠣᠯᠲᠠᠯ᠎ᠠ᠂ ᠮᠧᠩ ᠱᠠᠩ ᠪᠠᠩᠬᠢ ᠶᠢᠨ ᠲᠠᠷᠢᠶᠠᠯᠠᠩ ᠳᠤ ᠬᠤᠯᠪᠣᠭᠳᠠᠭᠰᠠᠨ ᠵᠢᠭᠡᠯᠡᠯᠭᠡ ᠶᠢᠨ | ᠦᠯᠡᠳᠡᠪᠦᠷᠢ 103 ᠳ᠋ᠦᠩᠰᠢᠭᠤᠷ ᠲᠥᠭᠦᠷᠢᠭ ᠪᠠᠶᠢᠵᠤ᠂ ᠲᠥᠪ ᠤᠨ ᠪᠠᠶᠢᠭᠤᠯᠭ᠎ᠠ ᠶᠢᠨ ᠴᠡᠭ ᠲᠣᠭᠲᠠᠭᠠᠨ | ᠬᠠᠪᠰᠤᠷᠤᠨ ᠲᠡᠳᠬᠦᠬᠦ ᠨᠢᠭᠡᠴᠢ ᠳᠤ 160 ᠲᠦᠮᠡ ᠭᠠᠷᠤᠶ ᠲᠥᠭᠦᠷᠢᠭ ᠤᠨ ᠶᠠᠳᠠᠭᠤ ᠶᠢ ᠲᠡᠳᠬᠦᠬᠦ ᠪᠡᠯᠡ ᠮᠥᠩᠭᠦ | ᠣᠷᠣᠭᠤᠯᠪᠠ᠃ ︵ᠮᠧᠩ ᠱᠠᠩ ᠪᠠᠩᠬᠢ︶ |