ᠰᠤᠭᠤ ᠶᠢᠨ ᠪᠤᠯᠠᠭ ᠤᠨ ᠡᠯᠡᠰᠦᠨ ᠴᠦᠯ ᠤᠨ ᠦᠵᠡᠮᠵᠢ ᠶᠢᠨ ᠵᠤᠭᠠᠴᠠᠯ ᠤᠨ ᠣᠷᠣᠨ ᠨᠢ ᠲᠦᠷᠦᠭᠦᠦ ᠪᠦᠯᠦᠭ ᠤᠨ | ᠪᠦᠬᠦ ᠤᠯᠤᠰ ᠤᠨ ᠬᠥᠳᠡᠭᠡ ᠲᠣᠰᠬᠤᠨ ᠤ ᠵᠤᠭᠠᠴᠠᠯ ᠤᠨ ᠭᠤᠣᠯᠳᠠᠯᠭ᠎ᠠ ᠲᠠᠢ ᠲᠣᠰᠬᠤᠨ ᠪᠤᠯᠬᠤ ᠰᠤᠨᠳᠤᠤ | ᠰᠤᠮᠤ ᠶᠢᠨ ᠴᠧ ᠵᠢᠶᠠ ᠶᠢᠨ ᠲᠤᠪᠤ ᠲᠣᠰᠬᠤᠨ ᠳᠤ ᠪᠠᠶᠢᠷᠢᠯᠠᠵᠤ᠂ ᠶᠡᠷᠦᠩᠬᠡᠢ ᠲᠠᠯᠠᠪᠠᠢ ᠨᠢ 1.35 ᠲᠦᠮᠡᠨ ᠮᠦ | ᠪᠠᠶᠢᠵᠤ᠂ ᠤᠯᠤᠰ ᠤᠨ AAA ᠳᠡᠰ ᠤᠨ ᠵᠤᠭᠠᠴᠠᠯ ᠤᠨ ᠦᠵᠡᠮᠵᠢ ᠶᠢᠨ ᠣᠷᠣᠨ ᠪᠣᠯᠣᠨ᠎ᠠ᠂ ᠳᠣᠲᠣᠷ᠎ᠠ ᠨᠢ 5C | ᠳᠡᠰ ᠤᠨ ᠬᠤᠪᠢ ᠶᠢᠨ ᠮᠠᠰᠢᠨ ᠲᠡᠷᠭᠡ ᠪᠠᠷ ᠵᠤᠭᠠᠴᠠᠨ ᠪᠠᠭᠤᠳᠠᠯᠯᠠᠵᠤ᠂ ᠬᠤᠪᠢ ᠶᠢᠨ ᠮᠠᠰᠢᠨ ᠲᠡᠷᠭᠡ ᠪᠠᠷ ᠬᠡᠭᠡᠷ᠎ᠡ | ᠪᠠᠭᠤᠳᠠᠯᠯᠠᠵᠤ᠂ ᠡᠯᠡᠰᠦ ᠮᠠᠩᠬ᠎ᠠ ᠶᠢ ᠪᠡᠶᠡᠴᠢᠯᠡᠨ ᠣᠶᠢᠯᠠᠭᠠᠬᠤ ᠲᠦᠷᠦᠯ ᠵᠦᠢᠯ ᠲᠠᠢ᠃ ᠰᠤᠭᠤ ᠶᠢᠨ ᠪᠤᠯᠠᠭ ᠤᠨ | ᠡᠯᠡᠰᠦᠨ ᠴᠥᠯ ᠤᠨ ᠤᠮᠠᠷᠠᠲᠤ ᠬᠡᠰᠡᠭ ᠲᠤ ᠥᠷᠭᠡᠨ ᠠᠭᠤᠳᠠᠮ ᠠᠯᠲᠠᠨ ᠰᠢᠷᠭᠠᠯ ᠡᠯᠡᠰᠦᠨ ᠲᠤᠪᠤᠴᠠᠭ ᠲᠠᠢ᠂ | ᠡᠮᠦᠨᠡᠲᠦ ᠬᠡᠰᠡᠭ ᠲᠤ ᠬᠡᠳᠦᠨ ᠭᠠᠵᠠᠷ ᠦᠷᠭᠦᠯᠵᠢᠯᠡᠭᠰᠡᠨ ᠡᠩᠬᠡ ᠠᠮᠤᠭᠤᠯᠠᠩ ᠤᠨ ᠲᠠᠯ᠎ᠠ ᠨᠤᠲᠤᠭ ᠲᠠᠢ᠂ | ᠯᠢᠩᠬᠤᠸᠠᠳᠤ ᠨᠠᠭᠤᠷ ᠤᠨ ᠯᠢᠩᠬ᠊ ᠤᠠ᠋ ᠶᠢᠨ ᠨᠠᠪᠴᠢ ᠨᠤᠭᠤᠭᠠᠷᠠᠨ᠂ ᠬᠤᠯᠤᠰᠤ ᠵᠡᠭᠡᠰᠦ ᠬᠠᠯᠢᠭᠤᠷᠠᠵᠤ᠂ ᠬᠡᠭᠡᠷ᠎ᠡ ᠶᠢᠨ | ᠱᠣ ᠪᠤᠭᠤ ᠠᠳᠡ ᠠᠮᠠᠷᠠᠵᠤ᠂ ᠬᠠᠴᠢᠨ ᠰᠣᠨᠢᠨ ᠪᠥᠭᠡᠳ ᠥᠪᠡᠷᠮᠢᠴᠡ ᠤᠨᠴᠠᠯᠢᠭ ᠲᠠᠢ ᠡᠯᠡᠰᠦᠨ ᠴᠥᠯ ᠤᠨ | ᠦᠵᠡᠮᠵᠢ ᠶᠢ ᠪᠦᠷᠢᠯᠳᠦᠭᠦᠯᠦᠭᠰᠡᠨ ᠪᠠᠶᠢᠨ᠎ᠠ᠃ ᠠᠳᠡ ᠠᠴᠠ ᠡᠯᠡᠰᠦᠨ ᠴᠥᠯ ᠤᠨ ᠨᠡᠯᠦᠭᠡᠷ ᠠᠭᠤᠳᠠᠮ ᠢ ᠪᠠᠷᠠᠯᠠᠨ᠂ | ᠡᠯᠡᠰᠦᠨ ᠲᠤᠪᠤᠴᠠᠭ ᠲᠤ ᠠᠪᠠᠷᠢᠨ ᠭᠠᠷᠴᠤ᠂ ᠮᠠᠨᠳᠤᠬᠤ ᠨᠬᠠᠨ ᠢ ᠰᠤᠨᠢᠷᠬᠠᠬᠤ ᠪᠤᠶᠤ ᠰᠥᠨᠢ ᠶᠢᠨ ᠣᠭᠲᠠᠷᠭᠤᠢ ᠶᠢᠨ | ᠰᠦᠷᠯᠢᠭ ᠰᠠᠶᠢᠬᠠᠨ ᠢ ᠰᠣᠨᠢᠷᠬᠠᠵᠤ ᠪᠣᠯᠣᠨ᠎ᠠ᠃ ᠲᠠᠨᠠᠷ ᠡᠯᠡᠰᠦᠨ ᠳᠤ ᠭᠤᠯᠭᠤᠬᠤ᠂ ᠬᠡᠭᠡᠷ᠎ᠡ ᠶᠢᠨ ᠤᠷᠤᠯᠳᠤᠭᠠᠨ ᠤ | ᠲᠡᠷᠭᠡᠨ ᠳᠤ ᠰᠠᠭᠤᠬᠤ ᠵᠡᠷᠭᠡ ᠡᠯᠡᠰᠦᠨ ᠴᠦᠯ ᠤᠨ ᠲᠠᠮᠢᠷ ᠤᠨ ᠬᠦᠳᠡᠯᠭᠡᠭᠡᠨ ᠳᠤ ᠤᠷᠤᠯᠴᠠᠵᠤ᠂ ᠲᠠᠪᠠ | ᠲᠤᠷ᠎ᠠ ᠪᠠᠷ ᠢᠶᠠᠨ ᠨᠠᠭᠠᠳᠤᠨ ᠴᠡᠩᠬᠡᠵᠦ᠂ ᠪᠠᠷᠳᠠᠭ᠎ᠠ ᠬᠠᠶᠢᠨ ᠣᠷᠭᠢᠯᠤᠮ᠎ᠠ ᠰᠡᠳᠬᠢᠯᠭᠡ ᠪᠠᠨ ᠬᠥᠭᠵᠢᠭᠡᠵᠦ ᠪᠣᠯᠣᠨ᠎ᠠ᠃ | |