ᠤᠳᠠᠨᠳᠠᠯ᠎ᠠ ᠶᠢᠨ ᠪᠠᠲᠤᠴᠠᠭᠠᠨ ᠤ ᠤᠢ ᠰᠢᠭᠤᠢ ᠶᠢᠨ ᠴᠡᠴᠡᠷᠯᠢᠭ
ᠨᠡᠶᠢᠲᠡᠯᠡᠭᠰᠡᠨ ᠴᠠᠭ᠄
2024/8/5
    ᠤᠳᠠᠨᠳᠠᠯ᠎ᠠ ᠶᠢᠨ ᠪᠠᠲᠤᠴᠠᠭᠠᠨ ᠤ ᠤᠢ ᠰᠢᠭᠤᠢ ᠶᠢᠨ ᠴᠡᠴᠡᠷᠯᠢᠭ ᠨᠢ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠵᠢᠷᠭᠠᠯᠠᠩ ᠪᠠᠯᠭᠠᠰᠤᠨ ᠳᠤ ᠪᠠᠶᠢᠷᠢᠯᠠᠵᠤ᠂ ᠶᠡᠷᠦᠩᠬᠡᠢ ᠲᠠᠯᠠᠪᠠᠢ ᠨᠢ 35 ᠲᠦᠮᠡᠨ ᠮᠦ᠂ ᠥᠪᠡᠷᠲᠡᠭᠡᠨ ᠵᠠᠰᠠᠬᠤ ᠣᠷᠣᠨ ᠤ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠪᠣᠯᠣᠨ᠎ᠠ᠃ ᠦᠳᠠᠨᠲᠠᠯ᠎ᠠ ᠶᠢᠨ ᠪᠠᠲᠤᠴᠠᠭᠠᠨ ᠤ ᠤᠢ ᠰᠢᠭᠤᠢ ᠶᠢᠨ ᠴᠡᠴᠡᠷᠯᠢᠭ ᠲᠤ ᠠᠯᠬᠤᠨ ᠣᠷᠣᠬᠤ ᠳᠤ᠂ ᠠᠯᠲᠠᠨ ᠰᠢᠷᠭᠠᠯ ᠥᠩᠭᠡ ᠲᠠᠢ ᠴᠠᠷᠠᠰᠤ ᠪᠣᠯᠣᠨ ᠬᠥᠮᠥᠰ ᠤᠨ ᠰᠡᠳᠬᠢᠯ ᠢ ᠬᠥᠳᠡᠯᠭᠡᠮ᠎ᠡ ᠤᠯᠠᠭᠠᠨ ᠲᠠᠪᠤᠯᠵᠢᠨ ᠪᠠᠲᠤᠴᠠᠭᠠᠨ ᠤ ᠰᠠᠯᠠᠭ᠎ᠠ ᠨᠠᠮᠠᠭ᠎ᠠ ᠨᠢ ᠢᠭᠴᠤ ᠰᠠᠬᠤᠯᠢᠭ ᠰᠦᠭᠯᠡᠶᠢᠨ ᠰᠦᠨᠳᠡᠷᠯᠡᠵᠦ᠂ ᠰᠢᠷᠭᠠᠯ ᠦᠩᠭᠡ ᠢᠯᠭᠠᠷᠠᠨ ᠬᠠᠷᠠᠭᠳᠠᠨ᠎ᠠ᠃ ᠣᠭᠲᠠᠷᠭᠤᠢ ᠶᠢᠨ ᠲᠤᠶᠠᠭ᠎ᠠ ᠳᠣᠣᠷ᠎ᠠ᠂ ᠡᠲᠡᠭᠡᠷ ᠨᠠᠮᠤᠷ ᠤᠨ ᠨᠠᠪᠴᠢ ᠨᠢ ᠨᠢᠳᠦ ᠭᠢᠯᠠᠰᠤᠮ᠎ᠠ ᠥᠩᠭᠡ ᠪᠤᠳᠤᠭ ᠢᠶᠠᠨ ᠰᠠᠴᠤᠷᠠᠭᠤᠯᠵᠤ᠂ ᠶᠠᠭ ᠯᠠ ᠲᠡᠭᠷᠢ ᠶᠢᠨ ᠣᠳᠣᠨ ᠮᠡᠴᠢᠳ ᠬᠥᠮᠥᠨ ᠤ ᠶᠢᠷᠲᠢᠨᠴᠦ ᠳᠤ ᠤᠨᠠᠵᠤ ᠢᠷᠡᠭᠰᠡᠨ ᠮᠡᠲᠦ ᠬᠠᠴᠢᠨ ᠭᠠᠶᠢᠬᠠᠯᠲᠠᠢ ᠪᠥᠭᠡᠳ ᠭᠤᠶᠢᠳᠠ ᠰᠠᠶᠢᠬᠠᠨ ᠲᠥᠷᠥᠭᠳᠡᠯ ᠥᠭᠭᠦᠨ᠎ᠡ᠃ ᠤᠶᠠᠬᠠᠨ ᠰᠠᠯᠬᠢ ᠨᠠᠮᠠᠭ᠎ᠠ ᠨᠠᠮᠠᠭ᠎ᠠ ᠶᠢ ᠢᠯᠪᠢᠵᠦ᠂ ᠮᠣᠳᠣᠨ ᠤ ᠨᠠᠪᠴᠢ ᠶᠢᠨ ᠬᠦᠩᠭᠢᠨᠡᠬᠦ ᠠᠶᠢᠵᠢᠮ ᠢ ᠳᠠᠭᠠᠵᠤ᠂ ᠡᠨᠡ ᠬᠦ ᠶᠢᠷᠲᠢᠨᠴᠦ ᠶᠢᠨ ᠭᠠᠳᠠᠨᠠᠬᠢ ᠲᠤᠭᠤᠷ ᠤᠨ ᠬᠦᠷᠢᠶᠡᠯᠡᠩ ᠳᠤ ᠨᠢᠭᠡᠨ ᠭᠤᠶᠢᠳᠠ ᠰᠠᠶᠢᠬᠠᠨ ᠪᠥᠵᠢᠭ ᠤᠨ ᠠᠶ᠎ᠠ ᠴᠤᠤᠷᠢᠶᠠᠳᠤᠬᠤ ᠮᠡᠲᠦ ᠰᠠᠨᠠᠭᠳᠠᠭᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号