ᠠᠳᠤᠭᠤ ᠡᠷᠳᠡᠨᠢ ᠶᠢᠨ ᠮᠠᠭᠳᠠᠭᠠᠯ
ᠨᠡᠶᠢᠲᠡᠯᠡᠭᠰᠡᠨ ᠴᠠᠭ᠄
2024/5/6
   ᠠᠳᠤᠭᠤ ᠡᠷᠳᠡᠨᠢ ᠶᠢᠨ ᠮᠠᠭᠳᠠᠭᠠᠯ ᠠᠳᠤᠭᠤ ᠡᠷᠳᠡᠨᠢ ᠶᠢᠨ ᠰᠦᠷᠦᠭ ᠤᠨ ᠢᠶᠠᠨ ᠠᠩᠬᠠᠨ ᠤ ᠮᠦᠷ ᠢ ᠭᠡᠯᠬᠢᠬᠦ ᠪᠠᠷ ᠠᠭᠳᠠ ᠶᠢᠨ ᠲᠤᠭᠤᠰᠤ ᠲᠠᠢ ᠰᠠᠯᠬᠢ ᠨᠢᠭᠤᠷ ᠢ ᠢᠯᠪᠢᠨ ᠦᠩᠭᠡᠷᠡᠨᠡᠮ᠃ ᠠᠷᠠᠨᠵᠢᠯ ᠤᠯᠠᠭᠠᠨ ᠭᠠᠯ ᠰᠢᠬ ᠠᠰᠬᠠᠭᠰᠠᠨ ᠲᠡᠯ ᠨᠢ ᠨᠠᠮᠢᠷᠠᠵᠦ᠂ ᠠᠷᠳᠠᠢ ᠲᠤᠷᠭᠠᠨ ᠴᠠᠰᠤᠨ ᠲᠡᠭᠡᠭᠦᠷ ᠲᠤᠭᠤᠷᠠᠢ ᠨᠢ ᠲᠠᠴᠢᠬᠢᠨᠠᠨ ᠦᠩᠭᠡᠷᠡᠬᠦ ᠪᠠᠷ ᠬᠠᠶᠠᠭᠠᠨ ᠳᠤ ᠱᠤᠩᠳᠤᠭᠰᠠᠨ ᠡᠮᠡᠭᠡᠯ ᠤᠨ ᠭᠠᠩ ᠲᠦᠷᠦᠭᠡ ᠨᠢ ᠬᠠᠩᠭᠢᠨᠠᠨ᠎ᠠ᠃ ᠬᠠᠳᠠᠭ ᠤᠨ ᠲᠦᠮᠡᠨ ᠰᠢᠷᠭᠡᠭ ᠬᠤᠶᠠᠷ ᠬᠦᠪᠡᠭᠡ ᠨᠢ ᠰᠡᠮᠡᠷᠡᠨ᠎ᠡ ᠁ ᠭᠠᠩ ᠲᠦᠷᠪᠡᠨ ᠲᠤᠭᠤᠷᠠᠢ ᠲᠠᠢ ᠭᠠᠯ ᠪᠠᠳᠠᠷᠠᠭᠰᠠᠨ ᠨᠢᠳᠦ ᠲᠠᠢ ᠭᠠᠵᠠᠷ ᠤᠨ ᠬᠤᠯᠠ ᠶᠢ ᠲᠤᠪᠳᠤᠯᠤᠭᠴᠢ ᠭᠠᠩᠭᠠᠩ ᠬᠦᠯᠦᠭ ᠢᠶᠠᠨ ᠮᠠᠭᠳᠠᠮᠤ᠃ ᠲᠡᠯ ᠰᠡᠭᠦᠯ ᠨᠢ ᠲᠡᠭᠰᠢ ᠤᠩᠭᠤᠨ ᠴᠠᠭᠠᠨ ᠠᠵᠢᠷᠭ᠎ᠠ ᠲᠡᠯᠡᠩ ᠬᠦᠬᠦ ᠰᠠᠶᠢᠳᠠᠢ ᠤᠷᠤᠭ᠎ᠠ ᠴᠠᠭᠠᠭᠴᠢ ᠭᠡᠭᠦᠤ ᠡᠳᠦᠷ ᠤᠨ ᠭᠠᠵᠠᠷ ᠢ ᠴᠠᠭ ᠢᠶᠠᠷ ᠲᠤᠪᠳᠤᠯᠤᠭᠴᠢ ᠭᠡᠰᠡᠷ ᠵᠠᠩᠭᠠᠷ ᠤᠨ ᠬᠦᠯᠦᠭ ᠤᠳ ᠦᠷᠯᠦᠭ ᠲᠡᠤᠬᠡᠨ ᠳᠤ ᠮᠦᠩᠬᠡᠷᠡᠭᠰᠡᠨ ᠰᠤᠳᠤᠨ ᠰᠠᠶᠢᠬᠠᠨ ᠮᠤᠷᠢᠳ ᠢᠶᠠᠨ ᠁ ᠤᠨᠠᠭ᠎ᠠ ᠲᠠᠭ᠎ᠠ ᠰᠦᠷᠦᠭ ᠢᠶᠠᠷ ᠢᠶᠠᠨ ᠤᠳᠤᠮ ᠤᠭᠰᠠᠭ᠎ᠠ ᠲᠦᠷᠦᠯ ᠢᠶᠠᠷ ᠢᠶᠠᠨ ᠪᠤᠮᠠ ᠲᠦᠮᠡ ᠪᠠᠷ ᠦᠷᠡᠵᠢᠬᠦ ᠶᠢᠨ ᠪᠡᠯᠡᠭ ᠲᠠᠢ ᠢᠷᠦᠭᠡᠯ ᠢ ᠲᠠᠯᠪᠢᠶ᠎ᠠ︕ ᠪᠤᠶᠠᠨ ᠬᠡᠰᠢᠭ ᠲᠤᠭᠳᠠᠬᠤ ᠶᠢ ᠪᠤᠷᠬᠠᠨ ᠲᠡᠭᠷᠢ ᠳᠡᠭᠡᠨ ᠲᠠᠭᠠᠳᠬᠠᠶ᠎ᠠ︕
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号