ᠠᠷᠠᠳ ᠤᠨ ᠲᠠᠭᠤᠤ — ᠭᠠᠩᠭ᠎ᠠ ᠶᠢᠨ ᠯᠤᠷᠤᠢ
ᠨᠡᠶᠢᠲᠡᠯᠡᠭᠰᠡᠨ ᠴᠠᠭ᠄
2024/5/6
   ᠭᠠᠩᠭ᠎ᠠ ᠶᠢᠨ ᠯᠤᠷᠤᠢ ᠠᠷᠤ ᠶᠢᠨ ᠬᠤᠸᠠ ᠶᠢ ᠪᠤᠯᠢᠶᠠᠯᠳᠤᠭᠠᠳ ᠭᠠᠷᠤᠯ᠎ᠠ ᠠᠷᠪᠠᠨ ᠰᠤᠮᠤ ᠲᠠᠢ ᠾᠧᠽᠢ ᠫᠤᠤ ᠪᠠᠨ ᠡᠬᠦᠷᠦᠭᠡᠳ ᠭᠠᠷᠤᠯ᠎ᠠ ᠬᠤᠶᠢᠳᠤ ᠬᠤᠸᠠ ᠶᠢ ᠪᠤᠯᠢᠶᠠᠯᠳᠤᠭᠠᠳ ᠭᠠᠷᠤᠯ᠎ᠠ ᠬᠤᠷᠢᠨ ᠰᠤᠮᠤ ᠲᠠᠢ ᠾᠧᠽᠢ ᠫᠤᠤ ᠪᠠᠨ ᠡᠬᠦᠷᠦᠭᠡᠳ ᠭᠠᠷᠤᠯ᠎ᠠ ᠪᠠᠷᠠᠭᠤᠨ ᠬᠤᠸᠠ ᠶᠢ ᠪᠤᠯᠢᠶᠠᠯᠳᠤᠭᠠᠳ ᠭᠠᠷᠤᠯ᠎ᠠ ᠪᠠ ᠶᠢᠩᠽᠢ ᠫᠤᠤ ᠪᠠᠨ ᠡᠬᠦᠷᠦᠭᠡᠳ ᠭᠠᠷᠤᠯ᠎ᠠ ᠵᠡᠬᠦᠨ ᠬᠤᠸᠠ ᠶᠢ ᠪᠤᠯᠢᠶᠠᠯᠳᠤᠭᠠᠳ ᠭᠠᠷᠤᠯ᠎ᠠ ᠵᠢᠦ ᠯᠦᠩ ᠾᠧᠽᠢ ᠫᠤᠤ ᠪᠠᠨ ᠡᠬᠦᠷᠦᠭᠡᠳ ᠭᠠᠷᠤᠯ᠎ᠠ ᠠᠳᠤᠭᠤᠴᠢᠨ ᠠᠮᠪᠠᠨ ᠠᠴᠠ ᠠᠯᠪᠠᠨ ᠪᠢᠴᠢᠭ ᠲᠠᠢ ᠠᠷᠤ ᠶᠢᠨ ᠬᠤᠯᠠᠭᠠᠢ ᠰᠤ᠋ ᠮᠸᠢ ᠯᠢᠩ ᠢ ᠵᠠᠪᠠᠯ ᠲᠠᠷᠤᠶ᠎ᠠ ᠵᠠᠩᠴᠢᠬᠦᠦ ᠳ᠋ᠦᠲ᠋ᠦᠩ ᠠᠴᠠ ᠠᠯᠪᠠᠨ ᠪᠢᠴᠢᠭ ᠲᠠᠢ ᠴᠠᠬᠠᠷ ᠤᠨ ᠬᠤᠯᠠᠭᠠᠢ ᠰᠤ᠋ ᠮᠸᠢ ᠯᠢᠩ ᠢ ᠵᠠᠪᠠᠯ ᠲᠠᠷᠤᠶ᠎ᠠ ᠦᠷ ᠴᠠᠶᠢᠭᠠᠳ ᠨᠠᠷᠠᠨ ᠭᠠᠷᠤᠯ᠎ᠠ ᠡᠮᠦᠨ᠎ᠡ ᠬᠤᠸᠠ ᠶᠢᠨ ᠡᠩᠭᠡᠷ ᠲᠤ ᠲᠤᠯᠤᠯᠳᠤᠭᠠᠨ ᠭᠠᠷᠴᠠᠢ ᠨᠠᠷᠠ ᠭᠠᠷᠤᠭᠠᠳ ᠨᠠᠮᠤᠭᠤᠬᠠᠨ ᠪᠤᠯᠤᠯ᠎ᠠ ᠨᠠᠬᠤᠴᠠ ᠬᠤᠳᠠ ᠶᠢᠨ ᠲᠤᠯᠤᠯᠳᠤᠭᠠᠨ ᠶᠠᠭᠠᠬᠢᠭᠰᠠᠨ ᠭᠡᠴᠡᠬᠦᠦ ᠪᠤᠢ ᠪᠤᠰᠤᠭᠠᠳ ᠫᠤᠤᠳᠠᠪᠠᠴᠤ ᠭᠠᠩᠭ᠎ᠠ ᠶᠢᠨ ᠯᠤᠷᠤᠢ ᠪᠤᠷᠪᠢ ᠪᠠᠷ ᠢᠶᠠᠨ ᠰᠢᠷᠬᠠᠳᠤᠭᠰᠠᠨ ᠨᠢ ᠭᠠᠩᠭ᠎ᠠ ᠶᠢᠨ ᠯᠤᠷᠤᠢ ᠰᠠᠭᠤᠭᠠᠳ ᠫᠤᠤᠳᠠᠪᠠᠴᠤ ᠭᠠᠩᠭ᠎ᠠ ᠶᠢᠨ ᠯᠤᠷᠤᠢ ᠰᠤᠭᠤ ᠪᠠᠷ ᠢᠶᠠᠨ ᠰᠢᠷᠬᠠᠳᠤᠭᠰᠠᠨ ᠨᠢ ᠭᠠᠩᠭ᠎ᠠ ᠶᠢᠨ ᠯᠤᠷᠤᠢ ᠤᠷᠤᠢ ᠪᠤᠯᠤᠭᠠᠳ ᠤᠳᠤᠳ ᠲᠦᠭᠡᠯ᠎ᠡ ᠤᠷᠤᠭᠰᠠᠨ ᠰᠢᠷᠬᠠᠨ ᠤ ᠰᠤᠷᠪᠢ ᠨᠢ ᠱᠠᠷᠬᠢᠷᠠᠯ᠎ᠠ ᠶᠠᠩ ᠬᠤᠤ ᠪᠦᠷᠢᠶ᠎ᠡ ᠪᠠᠨ ᠦᠯᠢᠶᠡᠬᠡᠳ ᠭᠠᠷᠤᠯ᠎ᠠ ᠶᠠᠮᠤᠨ ᠤ ᠴᠡᠷᠢᠭ ᠤᠳ ᠰᠤᠪᠤᠷᠠᠭᠠᠳ ᠮᠤᠷᠳᠠᠯ᠎ᠠ ᠬᠦᠨᠳᠦ ᠰᠢᠷᠬᠠᠳᠤᠭᠰᠠᠨ ᠭᠠᠩᠭ᠎ᠠ ᠶᠢᠨ ᠯᠤᠷᠤᠢ ᠬᠦᠳᠡᠯᠬᠦ ᠳᠤ ᠬᠡᠴᠡᠬᠦᠳᠡᠵᠦ ᠲᠡᠨᠳᠡ ᠪᠠᠨ ᠬᠤᠴᠤᠷᠤᠯ᠎ᠠ ᠬᠠᠮᠳᠤ ᠶᠠᠪᠤᠭᠰᠠᠨ ᠠᠨᠳᠠ ᠨᠦᠬᠦᠳ ᠲᠡᠭᠡᠨ ᠬᠡᠳᠦᠨ ᠦᠬᠡ ᠵᠠᠬᠢᠵᠤ ᠨᠠᠶᠢᠳᠠᠯ᠎ᠠ ᠭᠡᠭᠡᠷ ᠮᠤᠷᠢ ᠶᠢ ᠬᠦᠦ ᠳᠤ ᠮᠢᠨᠢ ᠦᠭ ᠡ ᠾᠧᠽᠢ ᠫᠤᠤ ᠶᠢ ᠠᠪᠤ ᠳᠤ ᠮᠢᠨᠢ ᠲᠤᠰᠢᠶᠠ ᠮᠠᠯᠠᠭᠠᠢ ᠲᠡᠪᠡᠯ ᠢ ᠠᠪᠠᠭᠠᠢ ᠳᠤ ᠮᠢᠨᠢ ᠦᠭ ᠡ ᠮᠠᠯ ᠠᠳᠤᠭᠤ ᠶᠢ ᠠᠪᠤ ᠳᠤ ᠮᠢᠨᠢ ᠲᠤᠰᠢᠶᠠ ᠭᠡᠵᠢᠬᠡᠨ ᠲᠡᠪᠡᠯ ᠲᠠᠢ ᠭᠡᠭᠡᠷ ᠮᠤᠷᠢ ᠮᠢᠨᠢ ᠡᠮᠡᠬᠡᠯ ᠢᠶᠠᠨ ᠠᠪᠤᠭᠠᠳ ᠬᠠᠷᠢᠴᠢᠬᠠᠨ᠎ᠠ ᠪᠢᠵᠡ ᠭᠡᠷᠭᠡᠢ ᠪᠤᠯᠤᠭᠰᠠᠨ ᠮᠦᠩᠬᠦᠯᠡᠢ ᠨᠢ ᠬᠦᠦ ᠪᠠᠨ ᠠᠪᠤᠭᠠᠳ ᠬᠠᠷᠢᠴᠢᠬᠠᠨ᠎ᠠ ᠪᠢᠵᠡ ᠭᠤᠨᠵᠢᠨ ᠤᠯᠠᠭᠠᠨ ᠲᠡᠮᠡᠭᠡ ᠶᠢ ᠮᠦᠩᠬᠦᠯᠡᠢ ᠳᠤ ᠮᠢᠨᠢ ᠦᠭᠬᠦᠭᠡᠷᠡᠢ ᠭᠤᠷᠪᠠᠨ ᠨᠠᠰᠤᠳᠠᠢ ᠬᠦᠦ ᠪᠠᠷ ᠮᠢᠨᠢ ᠭᠤᠯᠤᠮᠳᠠ ᠶᠢ ᠮᠢᠨᠢ ᠰᠠᠬᠢᠭᠤᠯᠤᠭᠠᠷᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号