ᠲᠠᠮᠤ ᠶᠢᠨ ᠴᠠᠭᠠᠨ ᠤ ᠲᠤᠮᠤᠭ
ᠨᠡᠶᠢᠲᠡᠯᠡᠭᠰᠡᠨ ᠴᠠᠭ᠄
2024/4/17
   ᠭᠦᠷᠢᠶ᠎ᠡ ᠵᠡᠬᠡᠯᠢ ᠠᠴᠠ ᠬᠤᠶᠢᠰᠢ ᠭᠤᠴᠢᠨ ᠭᠠᠵᠠᠷ ᠤᠨ ᠵᠠᠶᠢᠳᠠᠢ ᠶᠠᠩᠰᠢᠪ ᠭᠤᠤᠯ ᠢ ᠬᠤᠷᠮᠦ᠋ᠢᠯᠠᠭᠰᠠᠨ ︽ᠨᠠᠢᠮᠠᠨ ᠵᠠᠭᠤᠨ ᠭᠠᠵᠠᠷ ᠤᠨ ᠲᠠᠮᠤ ᠶᠢᠨ ᠴᠠᠭᠠᠨ︾ ᠬᠡᠳᠡᠭ ᠡᠯᠡᠰᠦ ᠶᠢᠨ ᠶᠡᠬᠡᠩᠬᠢ ᠬᠡᠰᠡᠭ ᠨᠢ ᠭᠦᠷᠢᠶ᠎ᠡ ᠬᠤᠰᠢᠭᠤᠨ  ᠳᠤ ᠪᠠᠶᠢᠵᠦ ᠪᠠᠷᠠᠭᠤᠨᠰᠢ ᠨᠠᠢᠮᠠᠨ ᠬᠤᠰᠢᠭᠤ᠂ ᠵᠡᠭᠦᠨᠰᠢ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠳᠤ ᠰᠢᠭᠤᠳ ᠨᠦᠷᠢᠨ ᠤᠷᠤᠵᠦ ᠪᠠᠶᠢᠳᠠᠭ᠃ ᠡᠨᠡ ᠲᠤᠬᠠᠢ ᠡᠶᠢᠮᠦ ᠨᠢᠬᠡᠨ ᠲᠤᠮᠤᠭ ᠪᠤᠢ᠄ ᠡᠷᠳᠠ ᠴᠠᠭ ᠲᠤ᠂ ᠲᠠᠩ ᠲᠠᠶᠢᠽᠦ᠋ᠩ ᠬᠠᠭᠠᠨ ᠤᠮᠠᠷᠠᠳᠦ ᠯᠢᠶᠦᠦ ᠶᠢ ᠲᠦᠪᠰᠢᠳᠬᠡᠭᠦ ᠪᠠᠷ ᠲᠠᠶᠢᠯᠠᠯᠳᠤᠨ ᠶᠠᠪᠤᠬᠤ ᠵᠠᠭᠤᠷ᠎ᠠ᠂ ᠭᠦᠪᠡᠭᠡ ᠬᠢᠵᠠᠭᠠᠷ  ᠨᠢ ᠬᠠᠷᠠᠭᠳᠠᠬᠤ ᠦᠬᠡᠢ ᠬᠦᠯ ᠦᠬᠡᠢ ᠭᠦᠨ ᠲᠠᠯᠠᠢ ᠳᠤ ᠲᠤᠯᠵᠦ᠂ ᠡᠪᠤᠯ ᠤᠨ ᠰᠡᠭᠦᠯᠴᠢ ᠬᠠᠪᠤᠷ ᠤᠨ ᠡᠬᠢᠨ ᠤ ᠦᠶ᠎ᠡ ᠲᠤᠯᠠ ᠬᠠᠶᠢᠯ ᠤᠨᠠᠵᠦ ᠬᠠᠭᠳᠠ ᠭᠦᠬᠡᠷᠡᠭᠦ ᠶᠢ ᠭᠦᠯᠢᠶᠡᠭᠦ ᠠᠴᠠ ᠦᠬᠡᠷ᠎ᠡ ᠠᠷᠭ᠎ᠠ ᠦᠬᠡᠢ ᠪᠤᠯᠪᠠ᠃ ᠲᠠᠷᠠ ᠶᠠᠭᠠᠷᠠᠬᠤ ᠳᠠᠭᠠᠨ ᠤᠳᠠᠬᠤ ᠦᠬᠡᠢ ᠤᠳᠠᠬᠤ ᠦᠬᠡᠢ ᠴᠡᠷᠢᠭ ᠠᠷᠠᠳ ᠢ ᠲᠤᠮᠢᠯᠠᠨ᠄ ︽ᠬᠠᠶᠢᠯ ᠤᠨᠠᠪᠠ ᠤᠤ︖ ᠬᠠᠭᠳᠠ ᠭᠦᠬᠡᠷᠡᠪᠡ ᠤᠤ︖ ᠦᠵᠡᠬᠡᠳ ᠢᠷ᠎ᠡ︾ ᠬᠡᠪᠡᠯ ᠵᠠᠷᠤᠭᠳᠠᠭᠰᠠᠳ ᠨᠢ ᠦᠨᠡᠨ ᠪᠠᠶᠢᠳᠠᠯ ᠢᠶᠠᠷ ᠨᠢ ︽ᠤᠨᠠᠭᠠᠳᠤᠢ᠂ ᠭᠦᠬᠡᠷᠡᠬᠡᠳᠦᠢ︾ ᠬᠡᠵᠦ ᠬᠡᠯᠡᠪᠡᠯ ᠲᠤᠤᠷ᠎ᠠ ᠨᠢ ᠴᠠᠪᠴᠢᠨ ᠠᠯᠠᠭᠰᠠᠭᠠᠷ ᠨᠢᠬᠡᠨᠳᠠ ᠲᠠᠪᠤᠨ ᠵᠠᠭᠤᠨ ᠭᠦᠮᠦᠨ ᠤ ᠲᠤᠭᠠᠨ ᠳᠤ ᠭᠦᠷᠴᠠᠢ᠃ ᠨᠢᠬᠡᠨ ᠡᠳᠦᠷ᠂ ᠵᠡᠭᠦᠨ ᠲᠠᠯᠠᠢ ᠳᠤ ᠠᠶᠢᠯᠴᠢᠯᠠᠬᠤ ᠪᠠᠷ ᠡᠭᠦᠯᠡᠨ ᠬᠢᠰᠬᠢᠯᠡᠨ ᠶᠠᠪᠤᠵᠦ ᠪᠠᠶᠢᠭᠰᠠᠨ ᠬᠤᠮᠰᠢᠮ ᠪᠤᠳᠢᠰᠡᠳ᠋ᠸ᠎ᠠ ᠪᠤᠷᠬᠠᠨ᠂ ᠬᠢᠯᠢᠰ ᠢᠶᠠᠷ ᠴᠠᠪᠴᠢᠭᠳᠠᠭᠰᠠᠨ ᠰᠦᠨᠡᠰᠦ ᠨᠦᠭᠦᠳ ᠢ ᠦᠵᠡᠵᠦ ᠤᠴᠢᠷ ᠢ ᠮᠡᠳᠡᠬᠡᠳ᠂ ᠪᠠᠭ᠎ᠠ ᠠᠴᠢᠮᠠᠭ ᠤᠨ ᠲᠡᠬᠡᠷ᠎ᠡ ᠠᠴᠠ ᠠᠭᠤᠯᠠᠨ ᠠᠭᠤᠢ ᠳᠤ ᠪᠢᠰᠢᠯᠭᠠᠯ ᠬᠢᠵᠦ ᠪᠠᠶᠢᠭᠰᠠᠨ ᠱᠠᠪᠢ ᠳᠠᠭᠠᠨ ᠠᠯᠠᠭᠠᠨ ᠬᠢᠷᠢᠳᠠᠢ ᠰᠢᠷ᠎ᠠ ᠲᠤᠷᠭᠠᠨ ᠳᠤ ᠬᠡᠳᠦᠨ ᠦᠰᠦᠭ ᠪᠢᠴᠢᠨ᠂ ᠨᠢᠬᠡᠨ ᠴᠢᠮᠬᠢ ᠰᠢᠷᠤᠢ ᠪᠠᠭᠯᠠᠵᠦ ᠲᠤᠷᠤᠭᠰᠢ ᠤᠷᠬᠢᠵᠦ ᠦᠭᠭᠦᠬᠡᠳ ᠶᠠᠪᠤᠵᠠᠢ᠃ ᠡᠨᠡ ᠱᠠᠪᠢ ᠨᠢ ᠪᠠᠳᠮᠠᠰᠠᠩᠪᠤ ᠬᠡᠳᠡᠭ ᠨᠠᠷ᠎ᠠ ᠲᠠᠢ ᠬᠤᠪᠢᠯᠭᠠᠨ ᠯᠠᠮᠠ ᠬᠡᠨ᠎ᠡ᠃ ᠲᠠᠷᠠ ᠬᠠᠭᠠᠨ ᠤ ᠵᠠᠷᠤᠳᠠᠰᠦ ᠳᠤ ︽ᠬᠠᠭᠳᠠ ᠭᠦᠬᠡᠷᠡᠪᠡ ᠬᠡᠵᠦ ᠮᠠᠳᠠᠭᠦᠯ︕ ᠪᠠᠰᠠ ᠲᠠᠯᠠᠢ ᠲᠤᠭᠤᠯᠬᠤ ᠳᠠᠭᠠᠨ ᠪᠦᠭᠦᠳᠡᠬᠡᠷ ᠨᠢᠳᠦ ᠪᠠᠨ ᠠᠨᠢ ᠬᠡᠵᠦ ᠭᠤᠶᠢᠷᠡᠨᠴᠢ ᠡᠮᠡᠬᠡᠨ ᠵᠢᠭᠠᠵᠦ ᠦᠭᠭᠦᠯ᠎ᠠ ᠬᠡᠵᠦ ᠬᠡᠯᠡᠭᠳᠦᠨ︾ ᠬᠡᠤᠨ ᠦᠵᠡᠭᠳᠡᠭᠦ ᠦᠬᠡᠢ ᠪᠤᠯᠵᠠᠢ᠃ ᠬᠠᠭᠠᠨ ᠵᠠᠷᠤᠳᠠᠰᠦ ᠶᠢᠨ ᠦᠬᠡ ᠶᠢ ᠰᠤᠨᠤᠰᠴᠦ ᠲᠡᠭᠦᠨ ᠤ ᠠᠮᠢ ᠶᠢ ᠬᠡᠯᠳᠦᠷᠢᠭᠦᠯᠦᠭᠰᠡᠨ ᠮᠦᠷᠳᠡᠬᠡᠨ ᠶᠠᠮᠠᠷ ᠨᠢᠬᠡᠨ ᠪᠤᠭᠳᠠ ᠰᠠᠬᠢᠭᠤᠯᠰᠤᠨ ᠵᠠᠮ ᠤᠳᠤᠷᠢᠳᠤᠯ᠎ᠠ ᠬᠡᠵᠦ ᠪᠤᠳᠤᠭᠠᠳ ᠲᠠᠯᠠᠢ ᠶᠢ ᠬᠠᠷᠠᠵᠦ ᠦᠵᠡᠪᠡᠯ ᠨᠠᠯᠤᠢ ᠬᠠᠯᠤᠢ ᠶᠡᠭᠡ ᠡᠯᠡᠰᠦ ᠪᠤᠯᠴᠢᠬᠠᠭᠰᠠᠨ ᠲᠤᠯᠠ ᠲᠡᠭᠷᠢ ᠳᠤ ᠵᠠᠯᠪᠡᠷᠢᠨ ᠮᠦᠷᠭᠦᠵᠦ᠂ ᠪᠦᠭᠦ ᠴᠡᠷᠢᠭ  ᠢᠶᠠᠨ ᠲᠠᠶᠢᠴᠢᠯᠠᠨ ᠡᠯᠡᠰᠦ ᠶᠢ ᠲᠤᠭᠤᠯᠬᠤ ᠪᠠᠷ ︽ᠴᠦᠮ ᠨᠢᠳᠦ ᠪᠠᠨ ᠠᠨᠢ︾ ᠬᠡᠵᠦ ᠵᠠᠷᠯᠢᠭᠳᠡᠪᠡ᠃ ᠢᠩᠬᠢᠬᠡᠳ ᠨᠢᠳᠦ ᠢᠷᠮᠡᠭᠦ ᠶᠢᠨ ᠵᠠᠭᠤᠷ᠎ᠠ ᠡᠯᠡᠰᠦᠨ ᠲᠠᠯᠠᠢ ᠶᠢ ᠲᠤᠭᠤᠯᠵᠦ ᠭᠠᠷᠤᠭᠠᠳ ᠴᠡᠷᠢᠭ ᠢᠶᠠᠨ ᠪᠦᠷᠢᠳᠬᠡᠪᠡᠯ ᠬᠠᠶᠢᠭᠤᠯ ᠵᠠᠩᠵᠤᠨ ᠸᠠᠩ ᠵᠢᠶᠦ᠋ᠨ ᠾᠸᠦ ᠶᠢᠨ ᠲᠠᠪᠤᠨ ᠵᠠᠭᠤᠨ ᠴᠡᠷᠢᠭ᠂ ᠠᠮᠤ ᠭᠦᠨᠡᠰᠦ᠂ ᠠᠯᠢᠪᠠ ᠡᠳ᠋ ᠬᠡᠷᠡᠭᠯᠡᠭᠦᠨ ᠲᠠᠢ ᠪᠠᠨ ᠠᠯᠠᠭ᠎ᠠ ᠪᠤᠯᠤᠭᠰᠠᠨ ᠳᠤ ᠬᠡᠳᠦᠨᠳᠠ ᠭᠦᠮᠦᠨ ᠲᠤᠮᠢᠯᠠᠨ ᠡᠷᠢᠭᠰᠡᠨ ᠴᠦ ᠤᠯᠤᠭᠰᠠᠨ ᠦᠬᠡᠢ᠃ ᠤᠤᠯ ᠨᠢ᠂ ᠲᠠᠷᠡ ᠬᠤᠪᠢᠯᠭᠠᠨ ᠯᠠᠮᠠ᠂ ᠪᠠᠭᠰᠢ ᠶᠢᠨ ᠢᠶᠠᠨ ᠦᠭᠭᠦᠭᠰᠡᠨ ᠰᠢᠷ᠎ᠠ ᠲᠤᠷᠭ᠎ᠠ ᠪᠠ ᠴᠢᠮᠬᠢ ᠰᠢᠷᠤᠢ  ᠶᠢ ᠭᠦᠨ ᠲᠠᠯᠠᠢ ᠳᠤ ᠰᠠᠴᠤᠵᠦ ᠡᠶᠢᠮᠦᠷᠭᠦᠦ ︽ᠡᠯᠡᠰᠦᠨ ᠲᠠᠯᠠᠢ︾ ᠪᠤᠯᠭᠠᠭᠰᠠᠨ ᠪᠦᠬᠡᠳ ᠨᠢᠳᠦ ᠠᠨᠢᠭᠰᠠᠨ ᠴᠡᠷᠢᠭ ᠪᠦᠭᠦᠨ ᠢ ᠤᠪᠠᠳᠢᠰ ᠢᠶᠠᠷ ᠡᠯᠡᠰᠦ ᠲᠤᠭᠤᠯᠤᠭᠤᠯᠤᠭᠰᠠᠨ ᠪᠤᠯᠪᠠᠴᠦ ᠴᠡᠷᠢᠭ ᠤᠨ ᠰᠡᠭᠦᠯ ᠳᠤ ᠶᠠᠪᠤᠵᠦ ᠪᠠᠶᠢᠳᠠᠭ ᠠᠮᠤ ᠭᠦᠨᠡᠰᠦᠨ ᠤ ᠬᠠᠶᠢᠭᠤᠯ ᠤᠳ ︽ᠨᠢᠳᠦ ᠪᠠᠨ ᠠᠨᠢ︾ ᠬᠡᠭᠦ ᠵᠠᠷᠯᠢᠭ ᠢ ᠤᠯᠵᠦ ᠰᠤᠨᠤᠰᠤᠭᠰᠠᠨ ᠦᠬᠡᠢ ᠲᠤᠯᠠ ᠲᠡᠷᠡ ᠭᠦ ᠡᠯᠡᠰᠦᠨ ᠲᠠᠯᠠᠢ ᠳᠤ ᠵᠢᠪᠦᠭᠰᠡᠨ ᠪᠠᠶᠢᠵᠠᠢ᠃ ᠲᠠᠩ ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠪᠠᠷ᠎ᠠ ᠰᠤᠷᠠᠭ ᠦᠬᠡᠢ ᠪᠤᠯᠤᠭᠰᠠᠨ ᠴᠢᠮᠡᠭᠡ ᠶᠢ ᠰᠤᠨᠤᠰᠤᠭᠠᠳ ᠪᠠᠴᠢᠮᠳᠠᠨ ᠭᠠᠰᠢᠭᠤᠳᠠᠵᠦ ︽ᠪᠠᠷᠠᠯ᠎ᠠ ᠴᠠᠭᠠᠨ ᠲᠠᠮᠤ ᠳᠤ ᠤᠨᠠᠴᠢᠬᠠᠯ᠎ᠠ ᠰᠢᠦ︾ ᠬᠡᠵᠦ ᠤᠬᠢᠯᠠᠭᠰᠠᠨ ᠢᠶᠠᠷ ᠲᠡᠷᠡ ᠡᠯᠡᠰᠦ ᠶᠢ ︽ᠲᠠᠮᠤ ᠶᠢᠨ ᠴᠠᠭᠠᠨ︾ ᠬᠡᠭᠦ ᠪᠤᠯᠵᠠᠢ᠃ ᠲᠠᠩ ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠭᠠᠪᠢᠶ᠎ᠠ ᠵᠢᠳᠭᠦᠯ ᠢ ᠦᠨᠡᠯᠡᠵᠦ ᠸᠠᠩ ᠵᠢᠶᠦ᠋ᠨ ᠾᠸᠦ ᠶᠢ ︽ᠭᠦᠴᠦᠨ ᠶᠡᠭᠡ ᠲᠠᠢ ᠭᠦᠷᠡᠯᠪᠠᠭᠠᠳᠤᠷ ᠤᠩᠭᠤᠳ ᠤᠨ ᠰᠠᠬᠢᠭᠤᠯᠰᠤᠨ︾᠂ ᠲᠠᠪᠤᠨ ᠵᠠᠭᠤᠨ ᠴᠡᠷᠢᠭ ᠢ ᠨᠢ ︽ᠲᠠᠮᠤ ᠳᠤ ᠤᠨᠠᠰᠢ ᠦᠬᠡᠢ ᠲᠠᠪᠤᠨ ᠵᠠᠭᠤᠨ ᠤᠩᠭᠤᠳ︾ ᠬᠡᠵᠦ ᠡᠷᠭᠦᠮᠵᠢᠯᠡᠭᠰᠡᠨ᠎ᠡ ᠡᠵᠡᠨ ᠤ ᠠᠮᠠᠨ ᠠᠭᠤᠷ ᠤᠨ ᠭᠦᠴᠦᠨ ᠳᠤ ᠲᠡᠳᠡᠬᠡᠷ ᠴᠡᠷᠢᠭ ᠤᠳ ᠲᠠᠮᠤ ᠶᠢᠨ ᠴᠠᠭᠠᠨ ᠤ ᠢᠷᠦᠭᠠᠷ ᠠᠴᠠ ᠭᠠᠷᠴᠦ ᠢᠷᠡᠬᠡᠳ ᠲᠤᠭᠰᠢᠷᠠᠨ ᠠᠭᠠᠰᠢᠯᠠᠵᠦ ᠲᠦᠮᠡᠨ ᠠᠷᠠᠳ ᠢ ᠲᠦᠢᠪᠡᠬᠡᠵᠦ ᠡᠬᠢᠯᠡᠪᠡ᠃ ᠡᠭᠦᠨ ᠳᠤ᠂ ᠪᠠᠳᠮᠠᠰᠠᠩᠪᠤ ᠬᠤᠪᠢᠯᠭᠠᠨ ᠪᠠᠭᠰᠢ ᠶᠢᠨ ᠢᠶᠠᠨ ᠵᠢᠭᠠᠭᠰᠠᠨ ᠨᠤᠮᠤᠬᠠᠳᠬᠠᠯ ᠤᠨ ᠲᠠᠷᠨᠢ ᠶᠢ ᠤᠩᠰᠢᠵᠦ᠂ ᠭᠦᠷᠡᠯᠪᠠᠭᠠᠳᠤᠷ ᠲᠦᠷᠦᠭᠦᠳᠡᠢ ᠲᠠᠪᠤᠨ ᠵᠠᠭᠤᠨ ᠤᠩᠭᠤᠤᠨ ᠪᠤᠯᠤᠨ ᠬᠢᠯᠢᠰ ᠢᠶᠠᠷ ᠴᠠᠪᠴᠢᠭᠳᠠᠭᠰᠠᠨ ᠲᠠᠪᠤᠨ ᠵᠠᠭᠤᠨ ᠴᠡᠷᠢᠭ ᠠᠷᠠᠳ ᠢ ︽ᠰᠠᠶᠢᠨ ᠴᠠᠭ ᠤᠨ ᠮᠢᠩᠭᠠᠨ ᠪᠤᠷᠬᠠᠨ᠂ ᠰᠢᠷ᠎ᠠ ᠲᠦᠮᠡᠨ ᠢ ᠲᠤᠰᠠᠯᠠ︾ ᠬᠡᠵᠦ ᠪᠦᠭᠦ ᠰᠦᠨᠡᠰᠦ ᠶᠢ ᠨᠢᠬᠡ ᠯᠡ ᠪᠠᠭᠪᠤᠷ ᠠᠶᠠᠭᠠᠨ ᠳᠤ ᠬᠢᠵᠦ ᠱᠠᠭᠵᠠᠮᠤᠨᠢ ᠶᠢᠨ ᠤᠷᠤᠨ ᠵᠦᠭ ᠰᠢᠳᠠᠨ ᠶᠠᠪᠤᠭᠤᠯᠵᠦ ᠰᠠᠨᠸᠠᠷ ᠠᠪᠤᠭᠤᠯᠪᠠ ᠬᠡᠨ᠎ᠡ᠃ ᠲᠡᠭᠦᠨ ᠠᠴᠠ ᠬᠤᠶᠢᠰᠢ ᠰᠦᠮ᠎ᠡ ᠪᠤᠯᠭᠠᠨ ᠳᠤ ︽ᠰᠠᠶᠢᠨ ᠴᠠᠭ  ᠤᠨ ᠮᠢᠩᠭᠠᠨ ᠪᠤᠷᠬᠠᠨ︾ ᠢ ᠰᠢᠳᠦᠨ ᠲᠠᠬᠢᠬᠤ ᠪᠤᠯᠤᠯ᠎ᠠ ᠬᠡᠯᠴᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号