ᠭᠤᠯᠢᠷ ᠴᠠᠰᠤᠨ ᠤ ᠰᠤᠯᠢᠯᠳᠠ
ᠨᠡᠶᠢᠲᠡᠯᠡᠭᠰᠡᠨ ᠴᠠᠭ᠄
2024/4/17
  ᠴᠠᠰᠦ ᠡᠷᠳᠡ ᠤᠷᠢᠳᠦ ᠳᠠᠭᠠᠨ ᠭᠤᠯᠢᠷ ᠪᠠᠶᠢᠭᠰᠠᠨ ᠬᠡᠨ᠎ᠡ᠃ ᠭᠦᠢᠳᠡᠨ ᠤᠯᠠᠷᠢᠯ ᠪᠤᠯᠬᠤ ᠪᠦᠷᠢ ᠬᠤᠷᠮᠤᠰᠳᠠ ᠲᠡᠭᠷᠢ ᠠᠴᠠ ᠲᠤᠮᠳᠠ ᠶᠢᠷᠳᠢᠨᠴᠦ ᠶᠢᠨ ᠭᠦᠮᠦᠨ ᠠᠮᠢᠳᠠᠨ ᠢ ᠦᠷᠦ ᠡᠪᠡᠳᠴᠦ ᠤᠳᠠᠬᠤ ᠦᠬᠡᠢ ᠤᠳᠠᠬᠤ ᠦᠬᠡᠢ ᠭᠤᠯᠢᠷ ᠪᠠᠭᠤᠯᠭᠠᠨ ᠦᠭᠳᠡᠭ ᠪᠦᠬᠡᠳ ᠲᠡᠷᠡ ᠨᠢ ᠠᠮᠳᠠ ᠰᠢᠮ᠎ᠡ ᠪᠦᠷᠢᠳᠦᠭᠰᠡᠨ ᠠᠪᠤᠨ ᠢᠳᠡᠴᠢᠬᠡᠵᠦ ᠪᠤᠯᠳᠠᠭ ᠢᠳᠡᠬᠡᠨ ᠶᠤᠮ ᠬᠡᠨ᠎ᠡ᠃ ᠭᠠᠩ ᠭᠠᠴᠢᠭᠳᠦ ᠨᠢᠬᠡᠨ ᠵᠢᠯ᠂ ᠲᠤᠮᠳᠠ ᠶᠢᠷᠳᠢᠨᠴᠦ ᠳᠤ ᠡᠪᠡᠰᠦ ᠲᠠᠷᠢᠶ᠎ᠠ ᠠᠯᠳᠠᠭᠰᠠᠨ ᠲᠤᠯᠠ ᠡᠪᠤᠯ ᠪᠤᠯᠤᠮᠠᠭᠴᠠ ᠲᠡᠬᠡᠳᠦ ᠲᠡᠭᠷᠢ ᠠᠴᠠ ᠠᠯᠢ ᠴᠦ ᠵᠢᠯ ᠠᠴᠠ ᠢᠯᠡᠭᠦᠦ ᠭᠤᠯᠢᠷ ᠪᠠᠭᠤᠯᠭᠠᠵᠠᠢ ᠬᠡᠨ᠎ᠡ᠃ ᠨᠢᠬᠡᠨ ᠠᠶᠢᠯ ᠤᠨ ᠡᠷ᠎ᠡ ᠡᠮ᠎ᠡ ᠬᠤᠶᠠᠭᠤᠯᠠ ᠪᠠᠨ ᠲᠦᠢᠯ ᠤᠨ ᠠᠯᠵᠠᠭᠤ ᠵᠠᠯᠬᠠᠭᠤ ᠲᠤᠯᠠ ᠡᠷ᠎ᠡ ᠨᠢ ᠭᠤᠯᠢᠷ ᠢ ᠵᠢᠭᠤᠷᠠᠵᠦ ᠦᠪᠦᠩ ᠬᠡᠷ  ᠤᠨ ᠢᠶᠠᠨ ᠭᠠᠳᠠᠷ ᠲᠤᠳᠤᠷ᠎ᠠ ᠶᠢ ᠲᠠᠪᠬᠤᠷ ᠲᠠᠪᠬᠤᠷ ᠰᠢᠪᠠᠵᠦ ᠵᠤᠵᠠᠭᠠᠯᠠᠬᠤ ᠳᠤ ᠡᠬᠡᠨᠡᠷ ᠨᠢ ᠭᠤᠯᠢᠷ ᠢ ᠬᠠᠯᠠᠭᠤᠯᠠᠵᠦ ᠬᠡᠤᠬᠡᠳ ᠤᠨ ᠢᠶᠠᠨ ᠬᠤᠴᠢᠯᠭ᠎ᠠ ᠳᠤᠨᠢ ᠲᠠᠪᠢᠰᠴᠦ ᠦᠯᠦᠬᠡᠶᠢᠳᠡᠭᠦ ᠪᠤᠯᠵᠠᠢ᠃ ᠬᠠᠪᠤᠷ ᠤᠨ ᠡᠬᠢᠨ ᠤ ᠡᠳᠦᠷ᠂ ᠬᠠᠭᠠᠨ ᠬᠤᠷᠮᠤᠰᠳᠠ ᠪᠦᠭᠦ ᠰᠡᠬᠢᠭᠤᠯᠰᠤᠨ ᠢ ᠴᠤᠭᠯᠠᠭᠤᠯᠵᠦ ᠲᠡᠯᠡᠬᠡᠢ ᠳ᠋ᠡᠬᠢᠨ  ᠤ ᠪᠠᠶᠢᠳᠠᠯ ᠢ ᠶᠠᠷᠢᠯᠴᠠᠬᠤ ᠳᠤ᠂ ᠲᠤᠮᠳᠠ ᠶᠢᠷᠳᠢᠨᠴᠦ ᠶᠢᠨ ᠭᠠᠮᠰᠢᠭ ᠤᠨ ᠪᠠᠶᠢᠳᠠᠯ ᠢ ᠪᠠᠶᠢᠴᠠᠭᠠᠵᠦ ᠢᠷᠡᠭᠰᠡᠨ ᠱᠤᠭᠠᠷ᠎ᠠ ᠤᠳᠤᠨ ᠶᠡᠭᠡ ᠠᠭᠤᠷᠳᠠᠢ ᠪᠠᠷ᠄ ︽ᠬᠠᠷ᠎ᠠ ᠲᠤᠯᠤᠭᠠᠶᠢᠳᠦ ᠠᠮᠢᠳᠠᠨ ᠭᠤᠯᠢᠷ ᠲᠤ ᠨᠢᠬᠡᠮᠰᠤᠨ ᠴᠠᠳᠤᠭᠠᠳ᠂ ᠭᠤᠯᠢᠷ ᠢ ᠨᠤᠬᠤᠵᠦ ᠬᠡᠷ ᠢᠶᠠᠨ ᠰᠢᠪᠠᠵᠦ ᠬᠡᠤᠬᠡᠳ ᠢᠶᠠᠨ ᠬᠠᠭᠤᠷᠠᠶᠢᠯᠠᠬᠤ ᠬᠤᠮᠠᠭ ᠰᠢᠷᠤᠢ ᠪᠤᠯᠭᠠᠨ ᠬᠡᠷᠡᠭᠯᠡᠵᠦ ᠪᠠᠶᠢᠨ᠎ᠠ︾ ᠬᠡᠵᠦ ᠮᠡᠳᠡᠭᠦᠯᠪᠡ᠃ ᠬᠤᠷᠮᠤᠰᠳᠠ ᠡᠵᠡᠨ ᠰᠤᠨᠤᠰᠤᠩᠭᠤᠳᠠ ᠬᠢᠯᠢᠩᠨᠡᠵᠦ᠄ ︽ᠲᠠᠬᠢᠵᠦ ᠭᠤᠯᠢᠷ ᠪᠠᠭᠤᠯᠭᠠᠵᠦ ᠪᠤᠯᠬᠤ ᠦᠬᠡᠢ ᠂ ᠭᠦᠢᠳᠡᠨ ᠴᠠᠰᠦ ᠤᠷᠤᠭᠤᠯ︕ ᠲᠠᠨᠳᠠ ᠦᠯᠡᠳᠡᠬᠡᠳ ᠪᠠᠶᠢᠬᠤ ᠭᠤᠯᠢᠷ ᠢ ᠴᠦ ᠲᠠᠷᠤᠢ ᠲᠦᠷᠬᠡᠨ ᠴᠠᠰᠦ ᠬᠤᠪᠢᠯᠭ᠎ᠠ ︕︾ ᠬᠡᠵᠦ ᠬᠤᠷ᠎ᠠ ᠶᠢᠨ ᠰᠠᠬᠢᠭᠤᠯᠰᠤᠨ ᠢ ᠵᠠᠷᠯᠢᠭᠳᠡᠪᠡ᠃ ᠬᠤᠷ᠎ᠠ ᠶᠢᠨ ᠰᠡᠬᠢᠭᠤᠯᠰᠤᠨ ᠲᠡᠷᠡ ᠲᠠᠷᠤᠢ ᠲᠤᠷᠤᠭᠰᠢ ᠪᠠᠭᠤᠵᠦ ᠤᠪᠡᠳᠢᠰ ᠡᠭᠦᠰᠬᠡᠭᠰᠡᠨ ᠳᠤ ᠭᠦᠮᠦᠰ ᠤᠨ ᠬᠡᠷ  ᠲᠡᠭᠡᠨ ᠤᠷᠤᠭᠤᠯᠤᠭᠠᠳ ᠪᠠᠶᠢᠭᠰᠠᠨ ᠪᠠ ᠭᠠᠳᠠᠨ᠎ᠠ ᠪᠠᠨ ᠤᠪᠤᠭᠠᠯᠠᠭᠠᠳ ᠪᠠᠶᠢᠭᠰᠠᠨ ᠭᠤᠯᠢᠷ ᠨᠢ ᠠᠭᠱᠠᠨ ᠵᠠᠭᠤᠷ᠎ᠠ ᠴᠠᠰᠦ ᠮᠦᠰᠦ ᠪᠤᠯᠤᠨ ᠬᠤᠪᠢᠷᠠᠵᠦ᠂ ᠲᠡᠷᠡ ᠭᠦ ᠵᠠᠯᠬᠠᠭᠤ ᠡᠷ᠎ᠡ ᠡᠮ᠎ᠡ ᠬᠤᠶᠠᠭᠤᠯᠠ ᠴᠠᠰᠤᠨ ᠬᠡᠷ ᠲᠤᠳᠤᠷ᠎ᠠ ᠪᠠᠨ ᠮᠦᠰᠦ ᠪᠠᠷ ᠪᠠᠭᠯᠠᠭᠳᠠᠭᠰᠠᠨ ᠬᠡᠤᠬᠡᠳ ᠲᠠᠢ ᠪᠠᠨ ᠴᠦᠮ ᠭᠦᠯᠳᠡᠵᠦ ᠦᠭᠦᠪᠡ ᠬᠡᠨ᠎ᠡ᠃ ᠢᠩᠬᠢᠬᠡᠳ ᠭᠦᠮᠦᠨ ᠠᠮᠢᠳᠠᠨ ᠬᠡᠨᠡᠳᠳᠠ ᠶᠢᠨ ᠠᠶᠤᠯ ᠳᠤ ᠤᠴᠠᠷᠠᠵᠦ᠂ ᠶᠡᠭᠡ ᠪᠠᠷ ᠦᠯᠪᠡᠷᠭᠦ ᠪᠤᠶᠦ ᠭᠦᠯᠳᠡᠵᠦ ᠦᠭᠦᠵᠡᠢ ᠬᠡᠨ᠎ᠡ᠃ ᠬᠤᠷ᠎ᠠ ᠶᠢᠨ ᠰᠠᠬᠢᠭᠤᠯᠰᠤᠨ ᠡᠭᠦᠨ ᠢ ᠦᠵᠡᠬᠡᠳ ᠬᠢᠷᠳ᠋ᠬᠢᠨ ᠰᠤᠴᠢᠵᠦ ᠶᠠᠭᠠᠷᠠᠨ ᠪᠤᠴᠠᠭᠠᠳ ᠬᠤᠷᠮᠤᠰᠳᠠ ᠳᠤ ᠮᠡᠳᠡᠭᠦᠯᠭᠦ ᠳᠤ᠂ ᠬᠠᠭᠠᠨ ᠬᠤᠷᠮᠤᠰᠳᠠ ᠪᠠᠭ᠎ᠠ ᠪᠤᠳᠤᠯᠬᠢᠯᠠᠭᠠᠳ᠄ ︽ᠭᠦᠮᠦᠨ ᠬᠡᠳᠡᠭ ᠠᠮᠢᠳᠠᠨ ᠢ ᠬᠡᠳᠦᠷᠬᠡᠢ ᠦᠷᠦ ᠡᠪᠡᠳᠴᠦ ᠪᠤᠯᠬᠤ ᠦᠬᠡᠢ᠃ ᠪᠠᠭ᠎ᠠ ᠰᠠᠭ᠎ᠠ ᠦᠷ᠎ᠡ ᠲᠠᠷᠢᠶ᠎ᠠ ᠪᠠᠭᠤᠯᠭᠠᠵᠦ ᠦᠭᠭᠦᠭᠳᠦᠨ᠂ ᠬᠡᠪᠡᠴᠦ ᠭᠤᠯᠢᠷ ᠮᠠᠳᠦ ᠠᠮᠳᠠ ᠪᠦᠷᠢᠳᠦᠭᠰᠡᠨ ᠠᠮᠠᠷᠬᠠᠨ ᠢᠳᠡᠬᠡᠨ ᠦᠭᠴᠦ ᠪᠤᠯᠬᠤ ᠦᠬᠡᠢ᠂ ᠭᠦᠴᠦ ᠭᠦᠯᠦᠰᠦ ᠤᠷᠤᠬᠤ ᠮᠦᠷᠳᠡᠬᠡᠨ ᠭᠦᠷᠦᠰᠦᠨ ᠳᠤ ᠤᠷᠭᠤᠬᠤ ᠦᠷᠡᠰ ᠢ ᠦᠭᠳᠦᠬᠡᠢ︕︾ ᠬᠡᠵᠦ ᠵᠠᠷᠯᠢᠭ ᠪᠤᠯᠪᠠ᠃ ᠢᠩᠬᠢᠬᠡᠳ ᠬᠤᠷ᠎ᠠ ᠶᠢᠨ ᠰᠠᠬᠢᠭᠤᠯᠰᠤᠨ ᠲᠡᠭᠷᠢ ᠶᠢᠨ ᠰᠠᠩ ᠳᠤ ᠤᠷᠤᠵᠦ ᠡᠷᠢᠭᠦ ᠳᠤ ᠦᠷ᠎ᠡ ᠲᠠᠷᠢᠶ᠎ᠠ ᠪᠦᠭᠦᠨ ᠢ ᠡᠷᠳᠡᠨᠢ ᠷᠢᠯᠦ ᠪᠤᠯᠭᠠᠬᠤ ᠪᠠᠷ ᠨᠡᠢᠮᠠᠨ ᠭᠦᠯᠢᠯ ᠤᠨ ᠰᠢᠳᠢᠳᠦ ᠵᠤᠳᠬᠠᠨ᠎ᠠ ᠦᠭᠴᠢᠭᠡᠭᠰᠡᠨ ᠪᠠᠶᠢᠵᠠᠢ᠃ ᠲᠡᠷᠡ ᠶᠠᠭᠠᠷᠠᠨ ᠳ᠋ᠢᠯᠸ᠎ᠠ ᠪᠤᠷᠬᠠᠨ ᠤ ᠲᠡᠷᠬᠡᠳᠠ ᠭᠦᠷᠴᠦ ᠢᠷᠡᠭᠰᠡᠨ ᠤᠴᠢᠷ ᠢᠶᠠᠨ ᠬᠡᠯᠡᠭᠦ ᠳᠤ᠂ ᠳ᠋ᠢᠯᠸ᠎ᠠ ᠴᠦ ᠰᠠᠨᠳᠤᠷᠤᠨ᠄ ︽ᠰᠠᠶ᠋ᠢ ᠪᠦᠭᠦᠳᠠ ᠶᠢ ᠴᠢᠳᠬᠤᠨ ᠤᠷᠤᠭᠤᠯᠪᠠ᠂ ᠬᠠᠮᠤᠭ ᠤᠨ ᠰᠡᠭᠦᠯᠴᠢ ᠶᠢᠨ ᠬᠢᠭᠰᠡᠨ ᠨᠢ ᠬᠠᠶᠢᠯᠵᠦ ᠵᠠᠪᠳᠤᠭᠠᠳᠤᠢ ᠮᠠᠭᠠᠳ︾ ᠬᠡᠮᠡᠨ ᠵᠤᠤᠬ᠎ᠠ ᠶᠢᠨ ᠠᠮᠠᠰᠠᠷ ᠢ ᠨᠡᠬᠡᠬᠡᠵᠦ ᠨᠢᠬᠡᠨ ᠭᠦᠷᠵᠠ ᠤᠳᠬᠤᠨ ᠠᠪᠴᠦ ᠦᠵᠡᠪᠡᠯ ᠤᠤᠯ ᠤᠨ ᠲᠤᠮᠤ ᠪᠦᠬᠡᠳ ᠨᠠᠢᠮᠠᠨ ᠲᠠᠯ᠎ᠠ ᠲᠠᠢ ᠤᠯᠠᠭᠠᠨ ᠮᠦᠭᠦᠯᠢᠭ ᠤᠳ ᠰᠢᠳᠠᠭᠳᠡᠨ ᠬᠠᠷᠠᠯᠠᠵᠦ ᠪᠠᠭᠠᠰᠤᠭᠠᠳ ᠭᠤᠷᠪᠠᠭ᠋ᠠᠨ ᠲᠠᠯ᠎ᠠ ᠲᠠᠢ ᠤᠯᠠᠭᠠᠨ ᠮᠦᠭᠦᠯᠢᠭ ᠪᠤᠯᠤᠭᠰᠠᠨ ᠪᠤᠯᠪᠠᠴᠦ ᠭᠤᠤᠯ ᠨᠢ ᠬᠠᠶᠢᠯᠤᠭᠠᠳᠤᠢ ᠪᠠᠶᠢᠭᠰᠠᠨ ᠲᠤᠯᠠ᠂ ᠬᠤᠷ᠎ᠠ ᠶᠢᠨ ᠰᠠᠬᠢᠭᠤᠯᠰᠤᠨ ᠲᠡᠭᠦᠨ ᠢ ᠬᠠᠨᠴᠦ᠋ᠢᠯᠠᠨ ᠠᠪᠴᠦ ᠲᠤᠮᠳᠠ ᠶᠢᠷᠳᠢᠨᠴᠦ ᠵᠦᠭ ᠰᠠᠴᠤᠨ ᠤᠷᠬᠢᠪᠡ ᠬᠡᠨ᠎ᠡ᠃ ᠲᠡᠷᠡ ᠨᠢ ᠬᠠᠪᠤᠷ ᠤᠨ ᠰᠠᠯᠬᠢᠨ᠎ᠠ ᠬᠤᠮᠠᠭ ᠰᠢᠷᠤᠢ ᠳᠤ ᠪᠤᠯᠠᠭᠳᠠᠨ᠂ ᠡᠪᠡᠰᠦ ᠨᠤᠭᠤᠭ᠎ᠠ ᠯᠤᠭ᠎ᠠ ᠴᠢᠬᠢᠯᠡᠨ ᠤᠷᠭᠤᠵᠦ᠂ ᠰᠠᠷ᠎ᠠ ᠪᠤᠯᠤᠮᠠᠭᠴᠠ ᠴᠡᠴᠡᠭᠯᠡᠨ ᠦᠷᠡᠯᠡᠬᠡᠳ ᠲᠠᠮᠠᠢ ᠤᠳᠠᠯ ᠦᠬᠡᠢ ᠬᠡᠰᠡᠭ ᠬᠡᠰᠡᠭ ᠲᠠᠷᠢᠶ᠎ᠠ ᠪᠤᠯᠤᠭᠰᠠᠨ ᠳᠤ ᠭᠦᠮᠦᠰ ᠦᠷ᠎ᠡ ᠶᠢ ᠨᠢ ᠠᠪᠴᠦ ᠢᠩᠳᠡᠬᠡᠳ ᠭᠤᠯᠢᠷ ᠪᠤᠯᠭᠠᠨ ᠢᠳᠡᠭᠦ ᠪᠤᠯᠵᠠᠢ᠃ ᠠᠯᠢ ᠡᠷᠳᠡᠨ ᠤ ᠲᠡᠷᠡ ᠦᠶ᠎ᠡ ᠳᠤ᠂ ᠵᠠᠯᠬᠠᠭᠤ ᠡᠷ᠎ᠡ ᠶᠢᠨ ᠭᠤᠯᠢᠷ ᠢᠶᠠᠷ ᠰᠢᠪᠠᠭᠰᠠᠨ ᠦᠪᠦᠩ ᠨᠢ ᠴᠠᠰᠤᠨ ᠬᠡᠷ ᠪᠤᠯᠤᠭᠰᠠᠠ ᠠᠴᠠ ᠤᠳᠦ ᠪᠤᠯᠳᠠᠯ᠎ᠠ ︽ᠴᠠᠰᠤᠨ ᠬᠡᠷ︾ ᠬᠡᠷ ᠨᠡᠷᠡᠯᠡᠭᠳᠡᠭᠰᠡᠬᠡᠷ ᠪᠠᠶᠢᠭ᠎ᠠ ᠡᠨᠡ ᠭᠠᠵᠠᠷ ᠨᠢ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠤ ᠰᠢᠷᠠᠳᠠᠯ᠎ᠠ ᠰᠤᠮᠤᠨ ᠤ ᠴᠠᠰᠤᠨ ᠬᠡᠷ ᠠᠶᠢᠯ ︵ᠡᠯᠡᠰᠦᠨ ᠪᠠᠯᠭᠠᠰᠦ ᠲᠠᠢ ᠬᠢᠯᠢ ᠨᠠᠶᠢᠯᠠᠵᠦ ᠪᠠᠶᠢᠬᠤ ᠪᠦᠬᠡᠳ ᠨᠢᠬᠡ ᠦᠶ᠎ᠡ ᠭᠦᠷᠢᠶ᠎ᠡ ᠬᠤᠰᠢᠭᠤᠨ ᠳᠤ ᠬᠠᠷᠢᠶᠠᠯᠠᠭᠳᠠᠵᠦ ᠪᠠᠶᠢᠵᠠᠢ︶ ᠪᠤᠯᠬᠤ ᠪᠠ ᠲᠤᠬᠠᠢ ᠶᠢᠨ ᠦᠶ᠎ᠡ ᠳᠤ ᠴᠡᠰᠤᠨ ᠠᠶᠤᠯ ᠳᠤ ᠬᠠᠮᠤᠭ ᠠᠴᠠ ᠬᠡᠴᠡᠭᠦᠦ ᠲᠠᠭᠠᠷᠢᠭᠳᠡᠵᠦ᠂ ᠲᠡᠭᠷᠢ ᠶᠢᠨ ᠦᠷ᠎ᠡ ᠶᠢ ᠬᠠᠮᠤᠭ ᠠᠴᠠ ᠠᠷᠪᠢᠨ ᠤᠯᠤᠭᠰᠠᠨ ᠨᠢ ᠤᠳᠤᠬᠢ ᠭᠦᠷᠢᠶ᠎ᠡ ᠬᠤᠰᠢᠭᠤᠨ ᠤ ᠭᠠᠵᠠᠷ ᠨᠤᠳᠤᠭ ᠶᠤᠮ ᠬᠡᠨ᠎ᠡ᠃ ᠲᠠᠷᠡ ᠭᠤᠷᠪᠠᠯᠵᠢᠨ ᠬᠠᠷ᠎ᠠ ᠮᠦᠭᠦᠯᠢᠭᠳᠦ ᠲᠠᠷᠢᠮᠠᠯ ᠨᠢ ᠭᠦᠷᠢᠶ᠎ᠡ ᠬᠤᠰᠢᠭᠤᠨ ᠤ ᠤᠨᠴᠠ ᠭᠠᠷᠤᠯᠳᠠ ᠶᠢᠨ ᠨᠢᠬᠡ ᠪᠤᠯᠬᠤ ᠰᠠᠭᠠᠭ ᠤᠨ ᠲᠠᠷᠢᠶ᠎ᠠ ᠪᠤᠯᠤᠭᠰᠠᠨ ᠶᠤᠮ ᠬᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号