ᠤᠪᠠᠳᠢᠰᠳᠦ ᠤᠯᠠᠭᠠᠨ ᠬᠤᠪᠴᠠᠰᠦ
ᠨᠡᠶᠢᠲᠡᠯᠡᠭᠰᠡᠨ ᠴᠠᠭ᠄
2024/4/17
  ᠲᠦᠢᠯ ᠤᠨ ᠭᠤᠶᠦ ᠬᠡᠤᠬᠡᠨ ᠲᠠᠢ ᠨᠢᠬᠡᠨ ᠶᠠᠳᠠᠭᠤ ᠡᠷ᠎ᠡ ᠡᠮ᠎ᠠ ᠬᠤᠶᠠᠷ ᠪᠠᠶᠢᠵᠠᠢ ᠬᠡᠨ᠎ᠡ᠃ ᠠᠳᠡᠬᠢ ᠬᠠᠷᠬᠢᠰ ᠪᠠᠶᠠᠨ ᠮᠡᠳᠡᠬᠡᠳ ᠲᠡᠭᠦᠨ ᠤ ᠦᠩᠬᠡ ᠵᠢᠰᠦ ᠴᠦ ᠦᠬᠡᠢ᠂ ᠵᠠᠯᠬᠠᠭᠤ ᠵᠠᠶᠢᠳᠠᠩ ᠭᠦᠦ ᠳᠡᠭᠡᠨ ᠪᠠᠭᠤᠯᠭᠠᠵᠦ ᠠᠪᠬᠤ ᠎ ᠪᠠᠷ ᠲᠡᠬᠡᠷᠡᠩᠭᠦ᠋ᠢᠯᠡᠭᠰᠡᠨ ᠬᠡᠨ᠎ᠡ᠃ ᠬᠡᠤᠬᠡᠨ᠂ ᠠᠪᠤ ᠡᠵᠢ ᠲᠠᠢ ᠪᠠᠨ ᠶᠠᠮᠠᠷ ᠴᠦ ᠠᠷᠭ᠎ᠠ ᠦᠬᠡᠢ ᠭᠠᠷ ᠨᠤᠬᠤᠯᠠᠨ ᠭᠠᠴᠢᠭᠳᠡᠵᠦ᠂ ᠡᠳᠦᠷ ᠰᠦᠨᠢ ᠦᠬᠡᠢ ᠰᠠᠶᠢᠬᠠᠨ ᠨᠢᠳᠦᠨ ᠠᠴᠠ ᠪᠠᠨ ᠨᠢᠯᠪᠤᠰᠦ ᠪᠦᠮᠪᠤᠷᠢᠭᠦᠯᠦᠨ ᠰᠠᠭᠤᠳᠠᠭ ᠪᠤᠯᠵᠠᠢ᠃ ᠨᠢᠬᠡᠨ ᠰᠦᠨᠢ ᠬᠡᠨᠡᠳᠳᠠ ᠨᠢᠳᠦᠨ ᠠᠴᠠ ᠨᠢ ᠪᠦᠮᠪᠦᠷᠢᠭᠰᠡᠨ ᠲᠤᠩᠭᠠᠯᠠᠭ ᠨᠢᠯᠪᠤᠰᠤᠨ ᠳᠤᠨᠢ ᠨᠢᠬᠡ ᠴᠠᠭᠠᠨ ᠰᠠᠬᠠᠯ ᠎ ᠲᠠᠢ ᠡᠪᠤᠬᠡᠨ ᠢᠯᠡᠷᠡᠵᠦ᠄ ︽ᠬᠡᠤᠬᠡᠨ ᠮᠢᠨᠢ︕ ᠪᠢᠳᠡᠬᠡᠢ ᠤᠬᠢᠯᠠ᠂ ᠠᠳᠠ ᠠᠴᠠ ᠨᠠᠷᠠᠨ ᠭᠠᠷᠬᠤ ᠵᠦᠭ ᠲᠤ ᠶᠠᠪᠤᠭᠠᠷᠠᠢ︕ ᠲᠡᠬᠡᠪᠡᠯ ᠨᠢᠬᠡ ᠤᠷᠬᠢᠯᠤᠮᠠᠯ ᠪᠤᠯᠠᠭ ᠲᠠᠭᠠᠷᠠᠬᠤ ᠶᠤᠮ᠃ ᠪᠤᠯᠠᠭ ᠤᠨ ᠭᠦᠪᠡᠬᠡᠨ ᠳᠤ ᠤᠯᠠᠭᠠᠨ ᠦᠩᠬᠡ ᠲᠠᠢ ᠬᠤᠪᠴᠠᠰᠦ ᠪᠠᠶᠢᠨ᠎ᠠ᠃ ᠴᠢ ᠪᠤᠯᠠᠭ ᠤᠨ ᠤᠰᠦ ᠪᠠᠷ ᠪᠡᠶ᠎ᠡ ᠪᠠᠨ ᠰᠠᠶᠢᠨ ᠤᠬᠢᠶᠠᠭᠠᠳ ᠲᠡᠷᠡ ᠤᠯᠠᠭᠠᠨ ᠬᠤᠪᠴᠠᠰᠦ ᠶᠢ ᠡᠮᠦᠰᠴᠦ᠂ ᠲᠡᠬᠢᠨ ᠵᠡᠭᠦᠨ ᠡᠮᠦᠨᠡᠰᠢ ᠶᠠᠪᠤᠭᠠᠷᠠᠢ᠃ ᠲᠡᠬᠡᠪᠡᠯ ᠨᠢᠬᠡ ᠵᠢᠷᠤᠭᠴᠢᠨ ᠡᠪᠤᠬᠡᠨ ᠤ ᠡᠭᠦᠳᠡᠨ ᠎ ᠳᠤ ᠭᠦᠷᠴᠢᠬᠡᠭᠦ ᠶᠤᠮ︾ ᠬᠡᠵᠦ ᠬᠡᠯᠡᠬᠡᠳ ᠠᠯᠠᠭ᠎ᠠ ᠪᠤᠯᠪᠠ᠃ ᠬᠡᠤᠬᠡᠨ ᠬᠠᠷᠠᠩᠭᠤᠢ ᠪᠠᠷ ᠬᠡᠷ ᠠᠴᠠ ᠭᠠᠷᠴᠦ ᠨᠠᠷᠠᠨ ᠤᠷᠭᠤᠬᠤ ᠵᠦᠭ ᠲᠤ ᠶᠠᠪᠤᠵᠦ ᠪᠠᠶᠢᠳᠠᠯ᠎ᠠ᠂ ᠦᠨᠡᠬᠡᠷ ᠤᠯᠠᠭᠠᠨ ᠬᠡᠷᠡᠯ ᠰᠠᠴᠤᠷᠠᠵᠦ ᠨᠢᠬᠡ ᠵᠠᠬ᠎ᠠ ᠤᠯᠠᠭᠠᠨ ᠬᠤᠪᠴᠠᠰᠦ ᠪᠠᠶᠢᠵᠠᠢ᠃ ᠡᠪᠤᠬᠡᠨ ᠤ ᠬᠡᠯᠡᠭᠰᠡᠨ ᠶᠤᠰᠤᠭᠠᠷ ᠲᠡᠷᠬᠡᠳᠡᠬᠢ ᠤᠷᠬᠢᠯᠤᠮᠠᠯ ᠪᠤᠯᠠᠭ ᠤᠨ ᠤᠰᠦ ᠪᠠᠷ ᠨᠢ ᠪᠡᠶ᠎ᠡ ᠪᠠᠨ ᠤᠬᠢᠶᠠᠵᠦ᠂ ᠤᠯᠠᠭᠠᠨ ᠬᠤᠪᠴᠠᠰᠦ ᠶᠢ ᠡᠮᠦᠰᠦᠬᠡᠳ ᠦᠷᠭᠦᠯᠵᠢᠯᠡᠨ ᠶᠠᠪᠤᠯ᠎ᠠ᠃ ᠨᠠᠷᠠᠨ ᠮᠠᠨᠳᠤᠬᠤ ᠶᠢᠨ ᠦᠶ᠎ᠡ ᠪᠠᠷ ᠨᠢᠬᠡ ᠬᠡᠷ ᠤᠨ ᠡᠭᠦᠳᠡᠨ ᠳᠤ ᠭᠦᠷᠦᠭᠰᠡᠨ ᠨᠢ ᠵᠢᠷᠤᠭᠴᠢᠨ ᠤ ᠬᠡᠷ ᠪᠠᠶᠢᠵᠠᠢ᠃ ᠵᠢᠷᠤᠭᠴᠢᠨ ᠰᠠᠶ᠋ᠢ ᠪᠤᠰᠤᠭᠠᠳ ᠡᠭᠦᠳᠡ ᠪᠠᠨ ᠲᠠᠳᠠᠵᠦ ᠭᠠᠷᠬᠤ ᠳᠤ᠂ ᠡᠭᠦᠳᠡᠨ ᠭᠠᠳᠠᠨ᠎ᠠ ᠨᠢ ᠭᠦᠷᠦᠭ ᠵᠢᠷᠤᠭ ᠰᠢᠭ᠋ ᠭᠤᠶᠤ ᠬᠡᠤᠬᠡᠨ ᠤᠯᠠᠭᠠᠨ ᠬᠤᠪᠴᠠᠰᠦ ᠡᠮᠦᠰᠦᠬᠡᠳ ᠵᠤᠭᠰᠤᠵᠦ ᠪᠠᠶᠢᠬᠤ ᠶᠢ ᠦᠵᠡᠬᠡᠳ᠂ ᠨᠢᠳᠦ ᠪᠠᠨ ᠢᠳᠡᠬᠡᠵᠦ ᠶᠠᠳᠠᠨ ᠲᠡᠬᠢᠨ ᠬᠠᠷᠠᠳᠠᠯ᠎ᠠ ᠲᠡᠷᠡ ᠬᠡᠤᠬᠡᠨ ᠬᠠᠵᠠᠭᠤ ᠪᠠᠷ ᠨᠢ ᠰᠦᠷ ᠬᠢᠮᠡᠭᠴᠡ ᠬᠠᠷᠠᠭᠳᠠᠬᠤ ᠪᠠᠨ ᠪᠤᠯᠢᠪᠠ᠃ ᠵᠢᠷᠤᠭᠴᠢᠨ ᠮᠠᠰᠢ ᠭᠠᠶᠢᠬᠠᠵᠦ ᠬᠡᠷ ᠲᠡᠭᠡᠨ ᠡᠷᠬᠢᠵᠦ ᠤᠷᠤᠵᠦ ᠢᠷᠡᠭᠦ ᠳᠤ᠂ ᠵᠢᠷᠤᠭ ᠵᠢᠷᠤᠬᠤ ᠪᠠᠷ ᠪᠡᠯᠡᠳᠬᠡᠵᠦ ᠲᠠᠯᠪᠢᠭᠰᠠᠨ ᠴᠠᠭᠠᠨ ᠴᠠᠭᠠᠰᠤᠨ ᠲᠡᠬᠡᠷ᠎ᠡ ᠨᠢ ᠰᠠᠶ᠋ᠢᠬᠢ ᠬᠡᠤᠬᠡᠨ ᠤ ᠭᠦᠷᠦᠭ ᠵᠢᠷᠤᠭ ᠲᠡᠷᠡ ᠬᠡᠪ ᠢᠶᠠᠷ ᠢᠶᠠᠨ ᠬᠠᠷᠠᠭᠳᠠᠭᠰᠠᠨ ᠪᠠᠶᠢᠯ᠎ᠠ᠃ ᠡᠪᠤᠬᠡᠨ ᠵᠢᠷᠤᠭᠴᠢᠨ ᠮᠠᠰᠢ ᠭᠠᠶᠢᠬᠠᠵᠦ᠂ ᠡᠨᠡ ᠵᠢᠷᠤᠭ ᠢ ᠦᠨᠳᠦᠷ ᠦᠨ᠎ᠡ ᠪᠠᠷ ᠬᠤᠳᠠᠯᠳᠤᠬᠤ ᠪᠠᠷ ᠪᠤᠯᠤᠯ᠎ᠠ᠃ ᠡᠨᠡ ᠤᠷᠴᠢᠮ ᠳᠤ᠂ ᠬᠠᠷᠠᠬᠠᠨ ᠪᠠᠭ᠎ᠠ ᠠᠴᠠ ᠪᠠᠨ ᠡᠬᠡ ᠡᠴᠢᠬᠡ ᠠᠴᠠ ᠪᠠᠨ ᠰᠠᠯᠵᠦ᠂ ᠡᠳᠦᠷ ᠪᠦᠷᠢ ᠠᠭᠤᠯᠠᠨ  ᠠᠴᠠ ᠲᠦᠯᠡᠭᠡ ᠬᠠᠳᠤᠵᠦ᠂ ᠠᠮᠢ ᠵᠠᠭᠤᠳᠠᠭ ᠨᠢᠬᠡ ᠶᠠᠳᠠᠭᠤ ᠭᠦᠦ ᠪᠠᠶᠢᠭᠰᠠᠨ ᠬᠡᠨ᠎ᠡ᠃ ᠲᠡᠷᠡ ᠭᠦᠦ ᠡᠨᠡ ᠤᠯᠠᠭᠠᠨ ᠬᠤᠪᠴᠠᠰᠦ ᠲᠠᠢ ᠭᠤᠶᠦ ᠬᠡᠤᠬᠡᠨ ᠤ ᠵᠢᠷᠤᠭ ᠢ ᠨᠢᠬᠡ ᠵᠢᠯ ᠤᠨ ᠲᠦᠯᠡᠭᠡ ᠬᠤᠳᠠᠯᠳᠤᠭᠰᠠᠨ ᠮᠦᠩᠭᠦ ᠪᠠᠷ ᠢᠶᠠᠨ ᠬᠤᠳᠠᠯᠳᠤᠨ ᠠᠪᠤᠭᠠᠳ ᠬᠡᠷ ᠲᠡᠭᠡᠨ ᠠᠪᠠᠴᠢᠵᠦ᠂ ᠬᠡᠷ ᠤᠨ ᠢᠶᠠᠨ ᠬᠡᠷᠡᠮ ᠲᠡᠬᠡᠷ᠎ᠡ ᠨᠢ ᠨᠠᠭᠠᠵᠠᠢ᠃ ᠮᠠᠷᠭᠠᠰᠢ ᠠᠴᠠ ᠎ ᠨᠢ ᠲᠦᠯᠡᠭᠡ ᠪᠠᠨ ᠬᠠᠳᠤᠭᠠᠳ ᠪᠤᠴᠠᠵᠦ ᠢᠷᠡᠭᠦ ᠪᠦᠷᠢ ᠬᠡᠷ ᠨᠢ ᠬᠠᠯᠠᠭᠤᠨ ᠲᠤᠯᠠᠭᠠᠨ ᠪᠦᠬᠡᠳ ᠠᠮᠳᠠᠳᠦ ᠬᠤᠭᠤᠯᠠ ᠪᠡᠯᠡᠬᠡᠨ ᠪᠤᠯᠤᠭᠠᠳ ᠪᠠᠶᠢᠳᠠᠭ ᠪᠤᠯᠪᠠ᠃ ᠲᠦᠯᠡᠬᠡᠴᠢᠨ ᠭᠦᠦ ᠮᠠᠰᠢ ᠭᠠᠶᠢᠬᠠᠵᠦ᠂ ᠴᠤᠬᠤᠮ ᠬᠡᠨ ᠬᠤᠭᠤᠯᠠ ᠪᠡᠯᠡᠳᠬᠡᠵᠦ ᠦᠭᠴᠦ ᠪᠠᠶᠢᠬᠤ ᠶᠢ ᠮᠡᠳᠡᠭᠦ ᠪᠠᠷ ᠨᠢᠬᠡᠨ ᠡᠳᠦᠷ ᠡᠷᠳᠡ ᠪᠤᠴᠠᠵᠦ ᠢᠷᠡᠪᠡ᠃ ᠬᠡᠷ ᠢᠶᠠᠨ ᠤᠶᠢᠷᠠᠳᠤᠵᠦ ᠢᠷᠡᠬᠡᠳ ᠦᠵᠡᠭᠦ ᠳᠤ ᠬᠤᠯᠠᠩ ᠠᠴᠠ ᠨᠢ ᠤᠳᠤᠭ᠎ᠠ ᠰᠤᠭᠤᠨᠠᠭᠯᠠᠵᠦ ᠪᠠᠶᠢᠯ᠎ᠠ᠃ ᠬᠤᠷᠳᠤᠬᠠᠨ ᠢᠷᠡᠵᠦ ᠴᠤᠩᠬᠤ ᠎ ᠪᠠᠨ ᠭᠠᠳᠠᠨ᠎ᠠ ᠠᠴᠠ ᠨᠢ ᠨᠡᠬᠡᠬᠡᠵᠦ ᠬᠤᠯᠠᠭᠤᠨ ᠠᠵᠢᠭᠯᠠᠭᠰᠠᠨ ᠴᠢᠨᠢ ᠬᠡᠷᠡᠮ ᠲᠡᠬᠡᠷᠡᠬᠢ ᠵᠢᠷᠤᠭ ᠤᠨ ᠬᠡᠤᠬᠡᠨ ᠪᠠᠶᠢᠬᠤ ᠦᠬᠡᠢ ᠪᠤᠯᠴᠢᠬᠠᠭᠠᠳ ᠬᠤᠭᠤᠰᠤᠨ ᠴᠠᠭᠠᠨ ᠴᠠᠭᠠᠰᠦ ᠦᠯᠡᠳᠡᠬᠡᠳ ᠪᠠᠶᠢᠯ᠎ᠠ᠃ ᠲᠦᠯᠡᠬᠡᠴᠢᠨ ᠭᠦᠦ ᠭᠠᠶᠢᠬᠠᠬᠤ᠂ ᠰᠤᠴᠢᠬᠤ᠂ ᠠᠶᠤᠬᠤ ᠲᠠᠪᠬᠤᠴᠠᠨ ᠬᠡᠷ ᠲᠡᠭᠡᠨ ᠤᠷᠤᠳᠠᠯ᠎ᠠ ᠲᠡᠷᠡ ᠬᠡᠤᠬᠡᠨ ᠬᠡᠳᠦ᠋ᠢᠨ ᠤᠯᠠᠭᠠᠨ ᠬᠤᠪᠴᠠᠰᠦ ᠪᠠᠨ ᠠᠪᠴᠦ ᠡᠮᠦᠰᠦᠬᠡᠳ ᠴᠠᠭᠠᠰᠤᠨ ᠳᠤ ᠵᠢᠷᠤᠭ ᠪᠤᠯᠵᠦ ᠰᠢᠩᠬᠡᠭᠦ ᠬᠠᠷᠠᠭᠳᠠᠪᠠ᠃ ᠲᠦᠯᠡᠬᠡᠴᠢᠨ ᠭᠦᠦ ᠪᠤᠳᠠᠭ᠎ᠠ ᠵᠠᠭᠤᠰᠢ ᠪᠠᠨ ᠢᠳᠡᠵᠦ ᠪᠠᠷᠠᠭᠠᠳ ᠡᠭᠦᠨ ᠤ ᠲᠤᠬᠠᠢ ᠮᠠᠰᠢ ᠪᠤᠳᠤᠯᠭ᠎ᠠ ᠪᠤᠯᠤᠯ᠎ᠠ᠃ ᠮᠠᠷᠭᠠᠰᠢ ᠨᠢ ᠮᠦᠨ ᠡᠷᠳᠠ ᠬᠠᠷᠢᠵᠦ ᠢᠷᠡᠭᠦ ᠳᠤ᠂ ᠮᠦᠨ ᠦᠨᠦᠳᠦᠷ ᠤᠨ ᠠᠳᠠᠯᠢ ᠲᠤᠬᠢᠶᠠᠯᠳᠤᠯ ᠲᠠᠢ ᠪᠠᠶᠢᠯ᠎ᠠ᠃ ᠰᠠᠴᠡᠨ ᠰᠡᠷᠭᠦᠯᠡᠩ ᠲᠦᠯᠡᠬᠡᠴᠢᠨ ᠭᠦᠦ ᠨᠢᠬᠡ ᠶᠠᠭᠤᠮ᠎ᠠ ᠶᠢ ᠠᠵᠢᠵᠦ ᠮᠠᠳᠠᠯ᠎ᠠ᠃ ᠶᠠᠭᠤ ᠬᠡᠪᠡᠯ᠂ ᠡᠨᠡ ᠬᠡᠤᠬᠡᠨ ᠲᠠᠷᠡ ᠤᠯᠠᠭᠠᠨ ᠬᠤᠪᠴᠠᠰᠦ ᠪᠠᠨ ᠡᠮᠦᠰᠦᠭᠰᠡᠬᠡᠷ ᠦᠪᠡᠷ ᠤᠨ ᠡᠷᠬᠡ ᠮᠡᠳᠡᠯ ᠦᠬᠡᠢ ᠴᠠᠭᠠᠰᠤᠨ ᠵᠢᠷᠤᠭ ᠪᠤᠯᠵᠦ ᠬᠤᠪᠢᠯᠬᠤ ᠯᠡ ᠬᠡᠷᠡᠭᠳᠡᠢ ᠪᠠᠶᠢᠯ᠎ᠠ᠃ ᠲᠦᠯᠡᠬᠡᠴᠢᠨ ᠭᠦᠦ ᠲᠠᠷᠠᠭ᠎ᠠ ᠡᠳᠦᠷ ᠨᠢ ᠬᠠᠷᠢᠵᠦ ᠢᠷᠡᠮᠡᠭᠴᠡ ᠤᠯᠠᠭᠠᠨ ᠬᠤᠪᠴᠠᠰᠦ ᠶᠢ ᠨᠢ ᠵᠠᠪᠳᠤᠨ ᠨᠢᠭᠤᠵᠦ ᠲᠠᠯᠪᠢᠪᠠ᠃ ᠬᠤᠭᠤᠯᠠ ᠪᠠᠨ ᠬᠢᠵᠦ ᠪᠠᠷᠠᠭᠰᠠᠨ ᠬᠡᠤᠬᠡᠨ ᠬᠤᠪᠴᠠᠰᠦ ᠨᠢ ᠲᠠᠯᠪᠢᠭᠰᠠᠨ ᠭᠠᠵᠠᠷ ᠢᠶᠠᠨ ᠪᠠᠶᠢᠬᠤ ᠦᠬᠡᠢ ᠳᠤ᠂ ᠡᠩ ᠤᠨ ᠭᠦᠮᠦᠨ ᠤ ᠪᠠᠨ ᠶᠤᠰᠤᠭᠠᠷ ᠪᠤᠯᠵᠦ ᠲᠦᠯᠡᠬᠡᠴᠢᠨ ᠭᠦᠦ  ᠲᠠᠢ ᠵᠤᠭᠤᠭ ᠲᠠᠭᠠᠷᠠᠨ᠂ ᠬᠠᠷᠢᠯᠴᠠᠨ ᠮᠠᠰᠢ ᠢᠨᠠᠭ ᠠᠮᠠᠷᠠᠭ ᠪᠠᠶᠢᠬᠤ ᠪᠠᠨ ᠰᠡᠷᠡᠵᠦ ᠮᠡᠳᠡᠬᠡᠳ ᠲᠡᠭᠷᠢ ᠠᠴᠠ ᠵᠠᠶᠠᠭᠠᠭᠰᠠᠨ ᠨᠢᠬᠡ ᠬᠤᠤᠰ ᠬᠡᠮᠡᠨ ᠬᠡᠷ ᠪᠦᠯᠢ ᠪᠤᠯᠤᠯᠴᠠᠪᠠ᠃ ᠵᠢᠷᠭᠠᠯᠳᠠᠢ ᠰᠠᠶᠢᠬᠠᠨ ᠠᠮᠢᠳᠤᠷᠠᠭᠰᠠᠨ ᠬᠡᠤᠬᠡᠨ ᠡᠴᠢᠬᠡ ᠡᠬᠡ ᠪᠠᠨ ᠮᠠᠷᠳᠠᠭᠰᠠᠨ ᠦᠬᠡᠢ᠃ ᠲᠦᠯᠡᠬᠡᠴᠢᠨ ᠭᠦᠦ  ᠳᠤ ᠦᠪᠡᠷ ᠤᠨ ᠪᠦᠭᠦ ᠦᠩᠬᠡᠷᠡᠯᠳᠠ ᠪᠠᠨ ᠲᠤᠭᠠᠴᠢᠵᠦ᠂ ᠡᠬᠡ ᠡᠴᠢᠬᠡ ᠪᠠᠨ ᠰᠠᠨᠠᠭᠠᠯᠵᠠᠨ ᠨᠢᠯᠪᠤᠰᠦ ᠤᠨᠠᠭᠠᠵᠠᠢ᠃ ᠲᠦᠯᠡᠬᠡᠴᠢᠨ ᠭᠦᠦ ᠬᠡᠳᠦᠨ ᠡᠳᠦᠷ ᠰᠤᠷᠠᠭᠯᠠᠭᠰᠠᠭᠠᠷ ᠪᠠᠶᠢᠵᠦ᠂ ᠬᠡᠤᠬᠡᠨ ᠢ ᠨᠢ ᠪᠠᠭᠤᠯᠭᠠᠵᠦ ᠠᠪᠠᠴᠢᠬᠤ ᠪᠠᠷ ᠢᠷᠡᠭᠰᠡᠨ ᠬᠠᠷᠬᠢᠰ ᠪᠠᠶᠠᠨ ᠠᠪᠤ ᠡᠵᠢ ᠶᠢ ᠨᠢ ᠭᠦᠯᠢᠵᠦ ᠠᠪᠠᠴᠢᠭᠠᠳ᠄ ︽ᠬᠡᠤᠬᠡᠨ ᠢᠶᠠᠨ ᠬᠠᠮᠢᠭ᠎ᠠ ᠪᠠᠶᠢᠭ᠎ᠠ ᠶᠢ ᠲᠦᠷᠬᠡᠨ ᠬᠡᠯᠡ︾ ᠬᠡᠵᠦ ᠡᠳᠦᠷ ᠪᠦᠷᠢ ᠬᠠᠯᠠᠳᠠᠨ ᠴᠤᠬᠢᠵᠦ ᠪᠠᠶᠢᠨ᠎ᠠ ᠬᠡᠭᠦ ᠴᠢᠮᠡᠭᠡ ᠶᠢ ᠤᠯᠵᠦ ᠢᠷᠡᠬᠡᠳ᠂ ᠡᠬᠡᠨᠡᠷ  ᠲᠡᠭᠡᠨ ᠤᠬᠢᠯᠠᠨ ᠬᠠᠶᠢᠯᠠᠨ ᠶᠠᠷᠢᠪᠠ᠃ ᠡᠬᠡᠨᠡᠷ ᠨᠢ᠄ ︽ᠴᠢ ᠬᠡᠳᠦᠢ ᠰᠠᠶᠢᠨ ᠰᠠᠨᠠᠭ᠎ᠠ ᠲᠠᠢ ᠭᠦᠮᠦᠨ ᠪᠤᠢ︖ ᠪᠢ ᠪᠤᠷᠤᠭᠤ ᠭᠦᠮᠦᠨ ᠳᠤ ᠮᠤᠷᠳᠠᠭᠰᠠᠨ ᠦᠬᠡᠢ ᠶᠤᠮ ᠪᠠᠶᠢᠨ᠎ᠠ᠃ ᠴᠢ ᠪᠢᠳᠡᠬᠡᠢ ᠤᠬᠢᠯᠠ᠂ ᠪᠢᠳᠠ ᠠᠪᠤᠷᠠᠵᠦ ᠲᠠᠶᠢᠯᠦᠨ᠎ᠡ︾ ᠬᠡᠪᠡ᠃ ᠰᠦᠨᠢ ᠪᠤᠯᠤᠮᠠᠭᠴᠠ ᠬᠤᠶᠠᠭᠤᠯᠠ ᠤᠯᠠᠭᠠᠨ ᠬᠤᠪᠴᠠᠰᠦ ᠪᠠᠨ ᠠᠪᠴᠦ᠂ ᠬᠠᠷᠬᠢᠰ ᠪᠠᠶᠠᠨ ᠤ ᠰᠠᠭᠤᠴᠠ ᠤᠷᠳᠤᠨ ᠢ ᠴᠢᠭᠯᠡᠵᠦ ᠤᠴᠢᠭᠠᠳ᠄ ︽ᠠᠪᠤ ᠡᠵᠢ ᠡ︕ ᠪᠢ ᠬᠡᠤᠬᠡᠨ ᠴᠢᠨᠢ ᠪᠠᠶᠢᠨ᠎ᠠ᠃ ᠲᠠ ᠬᠤᠶᠠᠷ ᠢ ᠠᠪᠤᠷᠠᠬᠤ  ᠪᠠᠷ ᠢᠷᠡᠵᠡᠢ᠃ ᠬᠡᠭᠦ ᠳᠡᠭᠡᠨ ᠨᠢᠬᠡ ᠨᠢᠬᠡ ᠪᠠᠷ ᠠᠪᠤᠷᠠᠨ᠎ᠠ︾ ᠬᠡᠵᠦ ᠰᠡᠮᠡᠬᠡᠷ ᠬᠡᠯᠡᠬᠡᠳ᠄ ︽ᠡᠨᠡ ᠬᠤᠪᠴᠠᠰᠦ ᠶᠢ ᠡᠵᠢ ᠤᠷᠢᠳ ᠢᠶᠠᠷ ᠡᠮᠦᠰᠦᠬᠡᠷᠡᠢ︾ ᠬᠡᠵᠦ ᠤᠯᠠᠭᠠᠨ ᠬᠤᠪᠴᠠᠰᠦ ᠪᠠᠨ ᠦᠭᠴᠦ ᠡᠮᠦᠰᠬᠡᠬᠡᠳ᠂ ᠬᠤᠷᠢᠭᠤᠯ ᠤᠨ ᠬᠡᠷ  ᠤᠨ ᠴᠤᠩᠬᠤᠨ ᠲᠡᠬᠡᠷ᠎ᠡ ᠵᠢᠷᠤᠭ ᠤᠨ ᠴᠠᠭᠠᠰᠦ ᠪᠠ ᠪᠢᠷ ᠲᠡᠯᠬᠡᠮᠡᠭᠴᠡ ᠡᠵᠢ ᠨᠢ ᠵᠢᠷᠤᠭ ᠤᠨ ᠭᠦᠮᠦᠨ ᠪᠤᠯᠵᠦ ᠢᠯᠡᠷᠡᠪᠡ᠃ ᠬᠤᠶᠠᠭᠤᠯᠠ ᠵᠢᠷᠤᠭ ᠢᠶᠠᠨ ᠠᠪᠴᠦ ᠬᠡᠷ ᠲᠡᠭᠡᠨ ᠬᠠᠷᠢᠭᠠᠳ ᠡᠵᠢ ᠪᠠᠨ ᠵᠢᠷᠤᠭ ᠠᠴᠠ ᠨᠢ ᠪᠠᠭᠤᠯᠭᠠᠵᠦ ᠠᠪᠤᠮᠠᠭᠴᠠ ᠤᠯᠠᠭᠠᠨ ᠬᠤᠪᠴᠠᠰᠦ ᠶᠢ ᠲᠦᠯᠡᠬᠡᠴᠢᠨ ᠭᠦᠦ ᠠᠪᠴᠦ ᠤᠨᠢᠰᠤᠯᠠᠪᠠ᠃ ᠮᠠᠷᠭᠠᠰᠢ ᠨᠢ ᠬᠠᠷᠬᠢᠰ ᠪᠠᠶᠠᠨ᠄ ︽ᠡᠬᠡᠨᠡᠷ ᠴᠢᠨᠢ ᠬᠠᠮᠢᠭ᠎ᠠ ᠪᠠᠶᠢᠨ᠎ᠠ ᠪᠤᠢ︾ ᠬᠡᠵᠦ ᠠᠪᠤ ᠶᠢ ᠨᠢ ᠤᠯᠠᠮ ᠬᠠᠷᠬᠢᠰ ᠬᠤᠤᠷᠳᠠᠢ ᠲᠠᠮᠤᠯᠠᠪᠠ᠃ ᠰᠦᠨᠢ ᠪᠤᠯᠤᠮᠠᠭᠴᠠ ᠬᠤᠶᠠᠭᠤᠯᠠ ᠤᠴᠢᠵᠦ ᠠᠳᠠᠯᠢ ᠠᠷᠭ᠎ᠠ ᠪᠠᠷ ᠠᠪᠤ ᠪᠠᠨ ᠠᠪᠤᠷᠠᠵᠦ᠂ ᠰᠢᠷᠬ᠎ᠠ ᠰᠤᠷᠪᠢ ᠶᠢ ᠨᠢ ᠡᠳᠡᠬᠡᠬᠡᠬᠡᠳ᠂ ᠲᠦᠷᠪᠡᠭᠦᠯᠡ ᠪᠠᠨ ᠪᠠᠶ᠎ᠠ ᠭᠦᠷ ᠲᠠᠢ ᠠᠮᠢᠳᠤᠷᠠᠭᠰᠠᠨ ᠬᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号