ᠪᠤᠷᠬᠠᠠᠪᠤᠭᠳᠡ᠂ ᠡᠨᠡ ᠦᠷᠯᠤᠭᠡ ᠴᠠᠭ ᠠᠴᠠ ᠪᠠᠨ ᠡᠷᠳᠡ ᠪᠤᠰᠪᠠ᠃ ᠭᠡᠰᠡᠨ ᠴᠤ ᠠᠪᠤ ᠨᠢ ᠠᠯᠢ ᠡᠷᠳᠡ | ᠠᠵᠢᠯ ᠳᠠᠭᠠᠨ ᠶᠠᠪᠤᠵᠠᠢ᠃ ᠪᠤᠷᠤ ᠲᠦᠷᠢᠭᠡᠨ ᠲᠠᠪᠢᠯᠭ᠎ᠠ ᠲᠠᠢ ᠵᠢᠵᠢᠭᠭᠡᠨ ᠪᠠᠶᠢᠰᠢᠩ ᠨᠢ ᠵᠢᠪᠡᠷᠡᠭᠦᠭᠡᠨ᠃ ᠬᠠᠷᠢᠨ | ᠰᠢᠷᠡᠭᠡᠨ ᠲᠡᠭᠡᠷ᠎ᠠ ᠡᠯᠡᠰᠤᠨ ᠰᠢᠬᠢᠷ ᠲᠦᠷᠬᠢᠭᠰᠡᠨ ᠬᠤᠶᠠᠷ ᠵᠦᠰᠤᠮᠠᠯ ᠲᠠᠯᠬ᠎ᠠ᠂ ᠪᠤᠳᠤᠭ ᠨᠢ ᠬᠠᠯᠴᠠᠷᠠᠭᠰᠠᠨ | ᠬᠠᠯᠠᠭᠤᠨ ᠰᠠᠪᠠ ᠲᠠᠢ ᠴᠠᠢ ᠨᠢ ᠪᠠᠯᠠᠨ ᠪᠠᠶᠢᠯ᠎ᠠ᠃ ᠪᠤᠷᠬᠠᠠᠪᠤᠭᠳᠡ ᠦᠷᠯᠤᠭᠡ ᠪᠤᠯᠭᠠᠨ ᠡᠶᠢᠮᠤ ᠤᠮᠳᠠ ᠤᠤᠭᠤᠭᠠᠳ | ᠬᠢᠴᠢᠶᠠᠯ ᠳᠡᠭᠡᠨ ᠶᠠᠪᠤᠳᠠᠭ ᠶᠤᠮ᠃ ᠭᠡᠯ᠎ᠠ ᠴᠤ ᠶᠠᠳᠠᠭᠤᠬᠠᠨ ᠠᠮᠢᠳᠤᠷᠠᠯ ᠳᠠᠭᠠᠨ ᠭᠤᠳᠤᠷᠠᠬᠤ ᠨᠢ ᠦᠭᠡᠢ᠃ ᠬᠠᠷᠢᠨ | ᠮᠠᠭᠤ ᠠᠪᠤ ᠶᠢ ᠪᠠᠨ ᠶᠡᠭᠡ ᠦᠷᠤ ᠡᠪᠡᠳᠳ᠋ᠩ ᠪᠠᠶᠢᠯ᠎ᠠ᠃ ᠲᠡᠷᠡ ᠮᠡᠳᠡᠭᠡ ᠤᠷᠤᠭᠰᠠᠨ ᠴᠠᠭ ᠠᠴᠠ ᠪᠠᠨ ᠯᠠ | ᠠᠪᠤ ᠲᠠᠢ ᠪᠠᠨ ᠬᠠᠮᠳᠦ ᠦᠰᠦᠭᠰᠡᠨ ᠶᠤᠮ᠃ ᠪᠤᠷᠬᠠᠠᠪᠤᠭᠳᠡ ᠰᠢᠬᠢᠷ ᠲᠦᠷᠬᠢᠭᠰᠡᠨ ᠵᠤᠵᠠᠭᠠᠨ ᠲᠠᠯᠬ᠎ᠠ ᠪᠠᠨ ᠬᠠᠷ᠎ᠠ | ᠴᠠᠢ ᠪᠠᠷ ᠲᠠᠷᠤᠭᠤᠯᠤᠨ ᠲᠤᠬᠠᠳᠠᠶᠢᠬᠠᠨ ᠵᠠᠵᠢᠯᠠᠬᠤ ᠵᠠᠭᠤᠷ᠎ᠠ ᠪᠠᠨ ᠪᠠᠭ᠎ᠠ ᠨᠠᠰᠤ ᠪᠠᠨ ᠰᠠᠨᠠᠪᠠ᠃ ᠲᠡᠳᠡᠨ ᠤ ᠬᠢᠨ | ᠬᠤᠶᠠᠷ ᠦᠷᠤᠭᠡ ᠡᠪᠤᠯ ᠤᠨ᠂ ᠪᠠᠰᠠ ᠵᠤᠨ ᠤ ᠲᠤᠮᠤ ᠳ᠋ᠦᠡᠭᠰᠠᠨ ᠪᠠᠶᠢᠰᠢᠩ ᠲᠠᠢ᠂ ᠨᠤᠭᠤᠭ᠎ᠠ ᠶᠢᠨ ᠵᠢᠭᠠᠬᠠᠨ | ᠲᠠᠯᠠᠪᠠᠢ ᠲᠠᠢ ᠰᠠᠶᠢᠬᠠᠨ ᠬᠠᠰᠢᠶ᠎ᠠ ᠲᠠᠢ ᠪᠠᠶᠢᠳᠠᠭ ᠰᠠᠨ᠃ | ᠲᠡᠷᠡ ᠪᠠᠭ᠎ᠠ ᠠᠴᠠ ᠪᠠᠨ ᠤᠰᠤ ᠪᠠᠨ ᠵᠦᠭᠡᠭᠡᠵᠤ᠂ ᠲᠦᠯᠡᠭᠡ ᠪᠠᠨ ᠬᠠᠭᠠᠯᠵᠤ᠂ ᠨᠤᠭᠤᠭ᠎ᠠ ᠪᠠᠨ ᠵᠡᠷᠯᠢᠭ | ᠵᠤᠯᠭᠠᠭᠠᠵᠤ᠂ ᠶᠠᠷᠤ ᠨᠢ ᠠᠵᠢᠯ ᠳᠤ ᠰᠤᠷᠤᠭᠰᠠᠨ ᠶᠤᠮ᠃ ᠠᠪᠤ ᠨᠢ ᠨᠠᠰᠤ ᠪᠠᠷ ᠢᠶᠠᠨ ᠯᠠ ᠮᠠᠨᠠᠭᠠᠴᠢ ᠬᠢᠵᠤ ᠶᠠᠪᠤᠵᠠᠢ᠃ | ᠪᠤᠷᠬᠠᠠᠪᠤᠭᠳᠡ ᠶᠠᠳᠠᠭᠤᠬᠠᠨ ᠠᠶᠢᠯ ᠤᠨ ᠭᠦᠤ ᠪᠤᠯᠪᠠᠴᠤ ᠦᠯᠤᠰᠴᠤ ᠴᠠᠩᠭᠠᠵᠤ ᠶᠠᠪᠤᠭᠰᠠᠨ ᠦᠭᠡᠢ᠂ ᠭᠦᠤ ᠳᠡᠭᠡᠨ | ᠠᠮᠢ ᠪᠠᠨ ᠲᠠᠯᠪᠢᠳᠠᠭ ᠠᠪᠤ ᠨᠢ ᠦᠪᠠᠷ ᠤᠨ ᠬᠢᠨᠢ ᠲᠦᠯᠤᠭᠡ ᠠᠯᠢ ᠪᠠᠶᠢᠳᠠᠭ ᠪᠠᠨ ᠲᠡᠮᠳᠠᠷᠢᠭ᠍ᠰᠡᠭᠡᠷ ᠢᠷᠠᠵᠠᠢ᠃ ᠠᠷᠪᠠᠨ | ᠭᠡᠳᠦ ᠭᠦᠷᠳᠡᠯ᠎ᠠ ᠪᠠᠨ ᠠᠪᠤ ᠶᠢᠨ ᠢᠶᠠᠨ ᠡᠪᠤᠷ ᠲᠤ ᠤᠠᠳᠠᠵᠤ ᠪᠢᠯᠠ᠃ ᠠᠪᠤ ᠶᠢᠨ ᠢᠶᠠᠨ ᠲᠤᠷᠠᠩᠬᠠᠢ ᠴᠡᠭᠡᠵᠢᠨ ᠳᠤ | ᠨᠠᠭᠠᠯᠳᠤᠵᠤ ᠲᠤᠳᠤᠨᠤ ᠰᠠᠶᠢᠬᠠᠨ ᠦᠨᠤᠷ ᠢᠶᠠᠷ ᠨᠢ ᠠᠮᠢᠰᠬᠤᠯᠯᠠᠨ ᠤᠠᠳᠠᠬᠤ ᠶᠠᠭᠤᠳᠡᠢ ᠵᠢᠷᠭᠠᠯᠳᠡᠢ᠃ ᠭᠡᠷ ᠲᠡᠭᠡᠨ ᠴᠤ | ᠂ ᠮᠠᠨᠠᠭᠠᠨ ᠤ ᠱᠤᠪᠤᠭᠤᠷ ᠲᠤ ᠴᠤ ᠠᠪᠤ ᠲᠠᠢ ᠪᠠᠨ ᠪᠠᠶᠢᠬᠤ ᠠᠴᠠ ᠰᠠᠶᠢᠬᠠᠨ ᠶᠠᠭᠤᠮ᠎ᠠ ᠦᠭᠡᠢ᠃ ᠶᠢᠰᠤᠳᠤᠭᠡᠷ | ᠠᠩᠬᠢ ᠳᠤ ᠤᠷᠤᠭᠰᠠᠨ ᠵᠢᠯ ᠠᠪᠤ ᠨᠢ ᠦᠰᠴᠤ ᠲᠠᠰᠤᠭᠰᠠᠨ ᠪᠠᠶᠢᠷᠢ ᠪᠠᠨ᠂ ᠰᠢᠨ᠎ᠠ ᠬᠤᠷᠢᠶᠠᠯᠠᠯ ᠤᠨ ᠬᠠᠶᠠᠭ᠎ᠠ | ᠲᠦᠰᠢᠭᠰᠡᠨ ᠨᠢᠭᠡᠨ ᠦᠮᠤᠭᠡᠢ ᠪᠠᠶᠢᠰᠢᠩ ᠲᠠᠢ ᠵᠢᠵᠢᠭᠭᠡᠨ ᠬᠠᠰᠢᠶ᠎ᠠ ᠪᠠᠷ ᠰᠤᠯᠢᠪᠠ᠃ ᠭᠦᠤ ᠪᠠᠨ ᠲᠤᠷ᠎ᠠ | ᠦᠭᠡᠶᠢᠴᠡᠭᠦ ᠳᠤ ︽ᠮᠢᠨᠤ ᠭᠦᠤ ᠤᠳᠠᠬᠤ ᠦᠭᠡᠢ ᠲᠡᠭᠡᠳᠦ ᠰᠤᠷᠭᠠᠭᠤᠯᠢ ᠳᠤ ᠤᠷᠤᠨ᠎ᠠ᠂ ᠮᠦᠡᠭᠭᠦ ᠭᠡᠷᠩ ᠲᠠᠢ︾ | ᠭᠡᠵᠡᠢ᠃ | ᠲᠡᠭᠡᠭᠡᠳ ᠭᠦᠤ ᠪᠠᠨ ᠲᠠᠭᠠᠭᠤᠯᠤᠨ ᠶᠠᠪᠤᠵᠤ᠂ ᠵᠦᠷᠢᠶᠠᠨ ᠳᠤ ᠠᠪᠤᠭᠰᠠᠨ ᠮᠦᠡᠭᠭᠦ ᠪᠠᠨ ᠪᠠᠩᠬᠢ ᠳᠤ | ᠬᠠᠳᠠᠭᠠᠯᠠᠭᠤᠯᠤᠨ᠂ ᠦᠯᠡᠳᠡᠭᠰᠡᠨ ᠢᠶᠠᠷ ᠨᠢ ᠬᠤᠪᠴᠡᠰᠤ ᠬᠤᠨᠠᠷ ᠠᠪᠴᠤ ᠦᠭᠴᠡᠢ᠃ ᠦᠡᠭᠭᠡᠷᠡᠭᠰᠡᠨ ᠬᠠᠪᠤᠷ | ᠵᠢᠵᠢᠭᠭᠡᠨ ᠬᠠᠰᠢᠶᠠᠨ ᠤ ᠪᠠᠨ ᠨᠢᠭᠡ ᠪᠤᠯᠤᠩ ᠳᠤ ᠲᠠᠭᠳᠠᠷᠰᠢᠭᠰᠠᠨ ᠭᠠᠵᠠᠷ ᠬᠠᠭᠠᠯᠤᠨ ᠨᠦᠳᠤᠵᠤ ᠵᠦᠭᠡᠯᠡᠷᠡᠭᠦᠯᠤᠭᠡᠳ᠂ | ᠤᠶᠢᠷᠠᠬᠠᠨ ᠭᠠᠵᠠᠷ ᠠᠴᠠ ᠬᠠᠷ᠎ᠠ ᠰᠢᠷᠤᠢ ᠡᠭᠦᠷᠴᠤ ᠵᠦᠭᠡᠭᠡᠨ ᠬᠤᠯᠢᠵᠤ᠂ ᠵᠢᠭᠠᠬᠠᠨ ᠲᠦᠮᠤᠰᠤ ᠴᠠᠭᠠᠨ ᠨᠠᠪᠴᠢ | ᠲᠠᠷᠢᠭᠰᠠᠨ ᠨᠢ ᠤᠪᠤᠭ᠎ᠠ ᠤᠷᠭᠤᠵᠠᠢ᠃ ᠭᠡᠪᠡᠴᠤ ᠮᠦᠡᠭᠭᠦ ᠁ ᠡᠳᠤᠷ ᠪᠤᠯᠭᠠᠨ ᠶᠠᠭᠤᠮᠠᠨ ᠤ ᠦᠨ᠎ᠠ ᠨᠠᠮᠩᠳᠡᠵᠤ | ᠪᠠᠶᠢᠭ᠎ᠠ ᠪᠤᠯᠬᠤᠷ ᠮᠢᠬ᠎ᠠ᠂ ᠲᠠᠯᠬ᠎ᠠ᠂ ᠠᠪᠬᠤ ᠰᠦ ᠳᠤᠨᠢ ᠴᠤ ᠡᠪᠤᠭᠡᠨ ᠤ ᠲᠡᠳᠭᠦᠪᠤᠷᠢ ᠶᠢᠨ ᠮᠦᠡᠭᠭᠦ ᠭᠦᠷᠭᠦ ᠦᠭᠡᠢ᠃ | ᠦᠡᠭᠭᠡᠷᠡᠭᠰᠡᠨ ᠵᠤᠨ ᠪᠤᠷᠬᠠᠠᠪᠤᠭᠳᠡ ᠨᠢᠭᠡ ᠲᠡᠯᠭᠡᠭᠦᠷ ᠲᠤ ᠠᠴᠢᠠᠠᠴᠢ ᠬᠢᠵᠤ ᠴᠦᠭᠡᠨ ᠲᠦᠭᠦᠷᠢᠭ ᠤᠯᠤᠭᠰᠠᠨ | ᠪᠤᠯᠪᠠᠴᠤ ᠶᠠᠭᠤᠨ ᠤᠳᠠᠬᠤ ᠪᠢᠯᠠ᠃ | ᠭᠡᠳᠡᠯ᠎ᠠ ᠦᠡᠭᠭᠡᠷᠡᠭᠰᠡᠨ ᠨᠠᠮᠤᠷ ᠠᠴᠠ ᠠᠪᠤ ᠨᠢ ᠠᠵᠢᠯ ᠲᠠᠢ ᠪᠤᠯᠤᠯ᠎ᠠ᠃ ᠦᠷᠯᠤᠭᠡ ᠬᠠᠷ᠎ᠠ ᠦᠷ ᠢᠶᠠᠷ ᠶᠠᠪᠤᠨ᠎ᠠ᠃ | ᠬᠠᠷᠢᠨ ᠪᠤᠷᠬᠠᠠᠪᠤᠭᠳᠡ ᠶᠢ ᠢᠷᠡᠭᠦ ᠳᠤᠨᠢ ᠭᠡᠷ ᠲᠡᠭᠡᠨ ᠭᠦᠯᠢᠶᠠᠵᠤ ᠰᠠᠭᠤᠳᠠᠭ ᠪᠠᠶᠢᠪᠠ᠃ ︽ᠲᠠ ᠬᠠᠮᠢᠭ᠎ᠠ | ᠠᠵᠢᠯᠯᠠᠳᠠᠭ ᠶᠤᠮ ᠪᠤᠢ︖︾ ᠭᠡᠭᠦ ᠳᠤ᠂ ︽ᠠ᠂ ᠨᠢᠭᠡ ᠺᠤᠮᠫᠠᠨᠢ ᠶᠢᠨ ᠬᠠᠰᠢᠶ᠎ᠠ ᠴᠠᠪᠠᠷᠯᠠᠳ᠋ᠩ ᠶᠤᠮ︾ ᠭᠡᠵᠡᠢ᠃ | ᠨᠢᠭᠡ ᠤᠳᠠᠭ᠎ᠠ ︽ᠠᠪᠤ ᠡ᠂ ᠪᠢ ᠠᠷᠪᠠ ᠲᠡᠭᠦᠰᠤᠭᠡᠳ ᠠᠵᠢᠯ ᠬᠢᠨ᠎ᠠ ᠡ︾ ᠭᠡᠭᠦ ᠳᠤ᠂ ᠡᠴᠢᠭᠡ ᠨᠢ ᠶᠡᠭᠡᠳᠡ | ᠰᠠᠠᠳᠤᠷᠴᠤ ︽ᠮᠢᠨᠤ ᠭᠦᠤ ᠲᠡᠭᠡᠵᠤ ᠶᠠᠭᠠᠬᠢᠵᠤ ᠪᠤᠯᠬᠤ ᠪᠤᠢ᠂ ᠪᠢ ᠭᠦᠤ ᠪᠠᠨ ᠲᠡᠭᠡᠳᠦ ᠰᠤᠷᠭᠠᠭᠤᠯᠢ ᠳᠤ | ᠤᠷᠤᠭᠤᠯᠤᠨ᠎ᠠ᠃ ᠦᠪᠠᠷ ᠰᠢᠭ ᠢᠶᠠᠨ ᠭᠦᠮᠤᠨ ᠪᠤᠯᠭᠠᠬᠤ ᠦᠭᠡᠢ᠃ ᠠᠪᠤ ᠨᠢ ᠭᠦᠤ ᠳᠡᠭᠡᠨ ᠲᠡᠩᠳᠡ ᠪᠠᠶᠠᠷᠯᠠᠵᠤ | ᠶᠠᠪᠤᠳᠠᠭ ᠰᠢᠤ︾ ᠭᠡᠳ ᠬᠤᠭᠤᠯᠠᠢ ᠨᠢ ᠵᠠᠩᠬᠢᠷᠠᠵᠠᠢ᠃ ᠡᠪᠤᠭᠡᠨ ︽ᠮᠦᠡᠭᠭᠦᠨ ᠤ ᠭᠠᠷᠤᠵᠠ︾ ᠭᠡᠳ | ᠲᠡᠮᠡᠬᠢᠨ ᠠᠴᠠ ᠪᠠᠨ ᠴᠤ ᠭᠠᠷᠴᠢᠬᠠᠪᠠ᠃ ᠦᠡᠭᠭᠡᠷᠡᠭᠰᠡᠨ ᠵᠤᠨ ᠪᠤᠷᠬᠠᠠᠪᠤᠭᠳᠡ ᠠᠩᠬᠠᠨ ᠤ ᠴᠡᠯᠢᠩ ᠢᠶᠠᠨ ᠠᠪᠤᠭᠠᠳ | ᠠᠪᠤ ᠳᠠᠭᠠᠨ ᠨᠢᠭᠡ ᠰᠢᠯ ᠠᠷᠢᠬᠢ ᠠᠪᠴᠤ ᠦᠭᠴᠡᠢ᠃ ᠡᠪᠤᠭᠡᠨ ᠶᠡᠭᠡᠳᠡ ᠪᠠᠶᠠᠷᠯᠠᠨ ᠭᠡᠳᠤᠨ ᠬᠤᠨᠳᠠᠭ᠎ᠠ ᠤᠤᠭᠤᠭᠠᠳ | ᠬᠠᠯᠠᠮᠴᠡᠵᠤ᠂ ᠠᠮᠠ ᠪᠠᠨ ᠠᠷᠴᠢᠨ ᠭᠦᠤ ᠶᠢᠨ ᠢᠶᠠᠨ ᠲᠤᠯᠤᠭᠠᠢ ᠶᠢ ᠢᠯᠪᠢᠨ ᠦᠨᠤᠰᠤᠭᠡᠳ ︽ᠮᠢᠨᠤ ᠪᠤᠷᠬᠠᠨ᠂ | ᠰᠠᠶᠢᠬᠠᠨ ᠦᠷ᠎ᠠ ᠮᠢᠨᠢ︾ ᠭᠡᠵᠤ ᠪᠠᠭ᠎ᠠ ᠶᠢᠨ ᠬᠢ ᠰᠢᠭ ᠨᠢ ᠦᠭᠦᠭᠡᠷᠳᠡᠵᠤ ᠪᠢᠯᠠ᠃ ᠪᠤᠷᠬᠠᠠᠪᠤᠭᠳᠡ ᠪᠠᠭ᠎ᠠ ᠳᠠᠭᠠᠨ ︽ | ᠨᠠᠳᠡ ᠳᠤ ᠶᠠᠭᠠᠬᠢᠭᠠᠳ ᠡᠶᠢᠮᠤ ᠬᠠᠴᠢᠨ ᠨᠠᠷᠠ ᠦᠭᠭᠦᠭᠰᠡᠨ ᠶᠤᠮ ᠪᠤᠢ︖︾ ᠭᠡᠭᠦ ᠳᠤ᠂ ︽ᠴᠢ ᠮᠢᠨᠤ ᠰᠢᠳᠤᠭᠡᠨ | ᠪᠤᠯᠤᠭᠠᠳ ᠲᠡᠷᠡ︾ ᠭᠡᠰᠡᠨ ᠠᠵᠢ᠃ | ︽ᠡᠵᠢ ᠶᠠᠮᠠᠷ ᠭᠦᠮᠤᠨ ᠪᠠᠶᠢᠭᠰᠠᠨ ᠪᠤᠢ︖︾ ᠭᠡᠭᠦ ᠳᠤ ︽ᠰᠠᠶᠢᠬᠠᠨ ᠭᠦᠮᠤᠨ ᠪᠠᠶᠢᠭᠰᠠᠨ ᠶᠤᠮ ᠡ︾ | ᠭᠡᠭᠦ ᠠᠴᠠ ᠦᠭᠡᠷ᠎ᠠ ᠦᠭᠡ ᠭᠡᠯᠡᠳ᠋ᠩ ᠦᠭᠡᠢ ᠪᠠᠶᠢᠯ᠎ᠠ᠃ ᠭᠦᠤ ᠴᠤ ᠰᠡᠭᠦᠯ ᠳᠡᠭᠡᠨ ᠤᠬᠠᠭᠠᠨ ᠰᠠᠭᠤᠭᠠᠳ | ᠠᠪᠤ ᠶᠢᠨ ᠢᠶᠠᠨ ᠰᠡᠳᠬᠢᠯ ᠢ ᠵᠤᠪᠠᠭᠠᠬᠤ ᠦᠭᠡᠢ ᠶᠢᠨ ᠲᠤᠯᠠ ᠲᠡᠷᠡ ᠲᠤᠬᠠᠢ ᠲᠠᠬᠢᠨ ᠠᠰᠠᠭᠤᠬᠤ ᠪᠠᠨ ᠪᠤᠯᠢᠭᠰᠠᠨ ᠶᠤᠮ | ᠃ ᠬᠠᠷᠢᠨ ᠭᠦᠤ ᠶᠢᠨ ᠢᠶᠠᠨ ᠠᠪᠴᠢᠷᠠᠭᠰᠠᠨ ᠠᠷᠢᠬᠢᠨ ᠳᠤ ᠬᠠᠯᠠᠮᠴᠠᠭᠰᠠᠨ ᠲᠡᠷᠡ ᠤᠷᠤᠢ᠂ ︽ᠮᠢᠨᠤ ᠭᠦᠤ ᠲᠤᠮᠤ | ᠡᠷ᠎ᠠ ᠪᠤᠯᠵᠠᠢ᠃ ᠠᠪᠤ ᠨᠢ ᠤᠳᠠᠬᠤ ᠦᠭᠡᠢ ᠦᠡᠭᠭᠦᠷᠢᠭᠡᠳ ᠦᠭᠭᠦᠨ᠎ᠠ᠃ ᠭᠦᠤ ᠳᠤ ᠮᠢᠨᠢ ᠰᠤᠷᠤᠭᠰᠠᠨ ᠡᠷᠳᠡᠮ ᠯᠠ | ᠭᠡᠷᠩ ᠪᠤᠯᠵᠤ ᠦᠭᠭᠦᠨ᠎ᠠ ᠰᠢᠤ︾ ᠭᠡᠵᠤ ᠰᠤᠷᠭᠠᠮᠵᠢᠯᠠᠭᠠᠳ ᠭᠡᠰᠡᠭᠭᠡᠨ ᠲᠠᠭᠤ ᠦᠭᠡᠢ ᠰᠠᠭᠤᠭᠰᠠᠨ ᠢᠶᠠᠨ ᠶᠡᠭᠡ ᠪᠠᠷ | ᠰᠠᠨᠠᠭ᠎ᠠ ᠠᠯᠳᠠᠵᠤ᠂ ︽ᠪᠢ ᠭᠦᠤ ᠶᠢᠨ ᠢᠶᠠᠨ ᠡᠵᠢ ᠶᠢ ᠲᠠᠩᠴᠤ ᠮᠡᠳᠡᠭᠦ ᠦᠭᠡᠢ ᠶᠤᠮ ᠳ᠋ᠠ︾ ᠭᠡᠵᠡᠢ᠃ | ᠪᠤᠷᠬᠠᠠᠪᠤᠭᠳᠡ ᠪᠦᠷ ᠭᠠᠶᠢᠬᠠᠵᠤ ︽ᠶᠠᠭᠤ ᠭᠡᠨ᠎ᠠ︖︾ ᠭᠡᠪᠡᠯ᠂ ︽ᠠ ᠮᠢᠨᠤ ᠭᠦᠤ ᠤᠳᠦ ᠮᠡᠳᠡᠵᠤ ᠠᠪ ᠳ᠋ᠠ᠃ | ᠬᠠᠨᠢ ᠮᠢᠨᠢ ᠦᠭᠡᠳᠡ ᠪᠤᠯᠵᠤ ᠪᠢ ᠭᠡᠳ᠋ᠩ ᠠᠮᠢᠳᠡᠨ ᠡᠯᠠᠢ ᠪᠠᠯᠠᠢ ᠶᠠᠪᠤᠭᠰᠠᠭᠠᠷ ᠨᠢᠭᠡ ᠵᠢᠯ ᠦᠡᠭᠭᠡᠷᠡᠵᠤ ᠪᠠᠶᠢᠬᠤ ᠳᠤ | ᠨᠢᠭᠡ ᠦᠷᠯᠤᠭᠡ ᠮᠠᠭᠤ ᠪᠠᠶᠢᠰᠢᠩ ᠤᠨ ᠮᠢᠨᠢ ᠲᠤᠪᠴᠢᠶᠠᠨ ᠲᠡᠭᠡᠷ᠎ᠠ ᠦᠯᠤᠭᠡᠢ ᠲᠠᠢ ᠭᠡᠤᠭᠡᠳ ᠪᠠᠶᠢᠵᠤ ᠪᠠᠶᠢᠭᠰᠠᠨ ᠶᠤᠮ | ᠳ᠋ᠠ᠃ ᠲᠡᠷᠡ ᠪᠤᠯ ᠴᠢ᠃ ᠢᠩᠬᠢᠵᠤ ᠪᠢ ᠭᠦᠤ ᠲᠠᠢ᠂ ᠴᠢ ᠠᠪᠤ ᠲᠠᠢ ᠪᠤᠯᠤᠭᠰᠠᠨ ᠭᠡᠷᠩ᠃ ᠪᠤᠷᠬᠠᠨ᠂ ᠬᠠᠨᠢ ᠶᠢᠨ | ᠮᠢᠨᠢ ᠰᠦᠨᠠᠰᠤ ᠶᠢ ᠭᠦᠤ ᠪᠤᠯᠭᠠᠭᠠᠳ ᠨᠠᠳᠡ ᠳᠤ ᠢᠯᠡᠭᠡᠵᠤ ᠭᠡᠵᠤ ᠰᠦᠰᠦᠭᠯᠡᠭᠡᠳ ᠴᠢᠮ᠎ᠠ ᠳᠤ ᠡᠶᠢᠮᠤ ᠨᠠᠷᠠ | ᠦᠭᠭᠦᠭᠰᠡᠨ ᠶᠤᠮ︾ ᠭᠡᠵᠤ ᠬᠠᠭᠤᠴᠢᠯᠠᠵᠠᠢ᠃ ᠪᠤᠷᠬᠠᠠᠪᠤᠭᠳᠡ ᠡᠭᠦᠨ ᠠᠴᠠ ᠬᠤᠶᠢᠰᠢ ᠠᠪᠤ ᠶᠢ ᠪᠠᠨ ᠤᠯᠠᠮ ᠦᠷᠤ | ᠡᠪᠡᠳᠴᠤ ︽ᠵᠢᠷᠭᠠᠭᠠᠬᠤ ᠰᠠᠨ︾ ᠭᠡᠵᠤ ᠭᠦᠰᠡᠭᠦ ᠪᠤᠯᠤᠭᠰᠠᠨ ᠶᠤᠮ᠃ ᠲᠡᠷᠡ ᠤᠮᠳᠠ ᠪᠠᠨ ᠤᠤᠭᠤᠵᠤ᠂ ᠭᠡᠷ ᠢᠶᠠᠨ | ᠴᠠᠪᠠᠷᠯᠡᠭᠡᠳ ᠭᠠᠷᠪᠠ᠃ ᠪᠤᠷᠬᠠᠠᠪᠤᠭᠳᠡ ᠰᠤᠷᠭᠠᠭᠤᠯᠢ ᠳᠤ ᠤᠷᠤᠭᠰᠠᠨ ᠴᠠᠭ ᠠᠴᠠ ᠪᠠᠨ ᠬᠤᠶᠢᠰᠢ ᠰᠠᠶᠢᠨ᠂ | ᠤᠠᠴᠠ ᠠᠴᠠ ᠦᠭᠡᠷ᠎ᠠ ᠳ᠋ᠦᠩ ᠠᠪᠴᠤ ᠪᠠᠶᠢᠭᠰᠠᠨ ᠦᠭᠡᠢ᠃ ᠡᠭᠦᠨ ᠳᠤ ᠠᠪᠤ ᠨᠢ ᠲᠡᠩᠳᠡ ᠪᠠᠶᠠᠷᠯᠠᠵᠤ ︽ᠮᠢᠨᠤ | ᠭᠦᠤ ᠡᠷᠳᠡᠮᠳᠡᠨ ᠪᠤᠯᠤᠨ᠎ᠠ︾ ᠭᠡᠮᠡᠨ ᠪᠠᠭ᠋ᠠᠷᠬᠠᠨ᠎ᠠ᠃ ᠭᠦᠤ ᠴᠤ ᠠᠪᠤ ᠶᠢ ᠪᠠᠨ ᠪᠠᠶᠠᠷᠯᠠᠭᠤᠯᠵᠤ ᠪᠠᠶᠢᠬᠤ ᠶᠢᠨ ᠲᠤᠯᠠᠳᠡ | ᠮᠠᠷᠠᠶᠢᠭᠰᠡᠭᠡᠷ ᠠᠷᠪᠠ ᠲᠡᠭᠦᠰᠭᠦ ᠳᠤ ᠭᠡᠳᠤᠭᠡᠨ ᠰᠠᠷ᠎ᠠ ᠦᠯᠡᠳᠡᠭᠡᠳ ᠪᠠᠶᠢᠭ᠎ᠠ ᠨᠢ ᠡᠨᠡ᠃ ᠪᠤᠷᠬᠠᠠᠪᠤᠭᠳᠡ ᠦᠨᠤᠳᠤᠷ | ᠵᠠᠮ ᠬᠠᠵᠠᠶᠢᠪᠠ᠃ ᠦᠴᠤᠭᠡᠳᠤᠷ ᠠᠩᠬᠢ ᠶᠢᠨ ᠢᠶᠠᠨ ᠦᠶᠠᠷᠭᠡᠳ᠋ᠩ ᠦᠬᠢᠨ ᠦᠨᠢᠷᠴᠡᠴᠡᠭ ᠢ ᠲᠠᠭᠠᠷᠢᠵᠤ ᠤᠴᠢᠬᠤ᠂ | ᠲᠡᠷᠡ ᠨᠢ ᠭᠠᠳᠡᠨ᠎ᠠ ᠪᠠᠨ ᠭᠦᠯᠢᠶᠠᠵᠤ ᠪᠠᠶᠢᠬᠤ ᠪᠤᠯᠵᠤᠭ᠎ᠠ ᠲᠠᠯᠪᠢᠭᠰᠠᠨ ᠶᠤᠮ ᠪᠠᠶᠢᠵᠠᠢ᠃ ᠨᠢᠭᠡ ᠪᠠᠶᠢᠷᠢᠨ ᠤ | ᠬᠠᠵᠠᠭᠤ ᠪᠠᠷ ᠦᠡᠭᠭᠡᠷᠡᠵᠤ ᠶᠠᠪᠤᠬᠤ ᠳᠤ ᠦᠷᠯᠤᠭᠡᠨ ᠤ ᠪᠦᠳᠡᠬᠢ ᠭᠡᠷᠡᠯ ᠳᠤ ᠬᠤᠶᠠᠷ ᠭᠦᠮᠤᠨ ᠬᠤᠭ ᠤᠨ ᠰᠠᠪᠠ | ᠤᠬᠤᠵᠤ ᠪᠠᠶᠢᠭ᠎ᠠ ᠨᠢ ᠬᠠᠷᠠᠭᠳᠠᠪᠠ᠃ ᠭᠦᠤ ︽ᠶᠠᠳᠠᠭᠤ ᠭᠦᠮᠤᠨ ᠤ ᠵᠤᠪᠠᠯᠠᠩ︾ ᠭᠡᠵᠤ ᠪᠤᠳᠤᠭᠠᠳ᠂ | ᠦᠨᠢᠷᠴᠡᠴᠡᠭ ᠤᠨ ᠢᠶᠠᠨ ᠪᠤᠯᠵᠤᠭᠠᠨ ᠳᠤ ᠶᠠᠭᠠᠷᠠᠨ ᠴᠠᠭᠠᠰᠢᠯᠠᠯᠠ᠃ ᠲᠠᠷᠠᠭ᠎ᠠ ᠶᠢᠨ ᠪᠠᠶᠢᠷᠢ ᠶᠢᠨ ᠬᠤᠭ ᠢ ᠪᠠᠰᠠ ᠨᠢᠭᠡ | ᠭᠦᠮᠤᠨ ᠤᠬᠤᠵᠤ ᠪᠠᠶᠢᠨ᠎ᠠ᠃ ᠰᠠᠨᠠᠭᠠᠨ ᠳᠤ ᠦᠭᠡᠢ ᠤᠶᠢᠷᠠᠳᠤᠵᠤ ᠠᠪᠤᠭᠠᠳ ᠵᠤᠭ ᠲᠤᠰᠪᠠ᠃ ᠠᠪᠤ ᠶᠢᠨ ᠬᠢᠨᠢ | ᠠᠵᠢᠯ ᠳᠠᠭᠠᠨ ᠡᠮᠤᠰᠳ᠋ᠩ ᠬᠤᠪᠴᠡᠰᠤ᠂ ᠵᠤᠭᠰᠤᠭᠠᠳ ᠠᠵᠢᠭᠯᠠᠪᠠ᠃ ᠬᠤᠭ ᠲᠤᠳᠤᠷ᠎ᠠ ᠠᠴᠠ ᠫᠢᠸᠤ᠋ ᠶᠢᠨ ᠭᠡᠳᠤᠨ | ᠰᠢᠯ᠂ ᠬᠤᠶᠠᠷ ᠭᠤᠷᠪᠠᠨ ᠲᠠᠮᠤᠷ ᠯᠠᠰᠠ ᠭᠠᠷᠭᠠᠨ ᠤᠭᠤᠳᠡᠨ ᠳᠤ ᠬᠢᠵᠤ ᠪᠠᠶᠢᠨ᠎ᠠ᠃ ᠭᠦᠳᠡᠯᠵᠤ ᠶᠠᠪᠤᠬᠤ ᠨᠢ ᠶᠠᠭ | ᠠᠪᠤ᠃ ᠪᠤᠷᠬᠠᠠᠪᠤᠭᠳᠡ ᠶᠢᠨ ᠲᠤᠳᠤᠷ᠎ᠠ ᠫᠠᠯᠬᠢᠨ ︽ᠦᠨᠤ ᠺᠤᠮᠫᠠᠨᠢ ᠶᠢᠨ ᠬᠠᠰᠢᠶ᠎ᠠ ᠭᠡᠳ᠋ᠩ ᠨᠢ ᠁︾ ᠭᠡᠵᠤ | ᠪᠤᠳᠤᠩᠭᠤᠳᠡ ᠭᠦᠶᠤᠭᠦ ᠰᠢᠬᠠᠭᠤ ᠤᠴᠢᠵᠤ ᠴᠡᠴᠡᠷᠬᠢᠯᠡᠭᠰᠡᠨ ᠬᠤᠭᠤᠯᠠᠢ ᠪᠠᠷ ︽ᠠᠪᠤ ᠡ︾ ᠭᠡᠳᠡᠯ᠎ᠠ ᠡᠪᠤᠭᠡᠨ | ᠴᠤᠴᠢᠵᠤ ᠲᠠᠮᠤᠷ ᠲᠡᠭᠡᠭᠡ ᠪᠠᠨ ᠬᠠᠩ ᠬᠢᠯᠭᠡᠨ ᠤᠨᠠᠭᠠᠭᠠᠳ ᠭᠡᠰᠩ ᠠᠯᠮᠠᠶᠢᠷᠠᠨ ᠬᠠᠷᠠᠵᠤ ᠵᠤᠭᠰᠤᠪᠠ᠃ ᠲᠡᠭᠡᠭᠡᠳ | ᠨᠢᠭᠤᠷ ᠢᠶᠠᠨ ᠲᠠᠭᠯᠠᠭᠰᠠᠨ ᠠᠮᠠᠪᠴᠢᠨ ᠤ ᠴᠠᠭᠠᠨ᠎ᠠ ᠠᠴᠠ ︽ᠮᠢᠨᠤ ᠭᠦᠤ︾ ᠭᠡᠵᠤ ᠴᠡᠬᠢᠷᠳᠠᠭᠰᠠᠨ ᠬᠤᠭᠤᠯᠠᠢ ᠪᠠᠷ | ᠲᠤᠤᠭᠠᠷᠤᠯᠠ᠃ — ᠲᠠ ᠶᠠᠭᠠᠬᠢᠵᠤ ᠪᠠᠶᠢᠭ᠎ᠠ ᠪᠤᠢ︖ — ᠠᠪᠤ ᠨᠢ ᠰᠢᠯ ᠯᠠᠰᠠ ᠯᠠ ᠲᠡᠭᠦᠳ᠋ᠩ ᠶᠤᠮ᠃ | ᠦᠭᠡᠷ᠎ᠠ ᠶᠠᠭᠤ ᠴᠤ ᠠᠪᠳᠠᠭ ᠦᠭᠡᠢ᠃ — ᠠᠪᠤ ᠡ ᠬᠠᠷᠢᠶ᠎ᠠ︕ — ᠮᠢᠨᠤ ᠭᠦᠤ ᠰᠤᠷᠭᠠᠭᠤᠯᠢ ᠳᠠᠭᠠᠨ ᠶᠠᠪᠤ | ᠡ︕ — ᠦᠭᠡᠢ᠂ ᠪᠢ ᠠᠵᠢᠯ ᠬᠢᠨ᠎ᠠ᠃ ᠡᠶᠢᠮᠤ ᠭᠡᠳᠤᠨ ᠦᠭᠡ ᠰᠤᠯᠢᠭᠠᠳ ᠪᠤᠷᠬᠠᠠᠪᠤᠭᠳᠡ ᠠᠪᠤ ᠶᠢ ᠪᠠᠨ | ᠰᠤᠭᠤᠳᠡᠨ ᠡᠷᠬᠢᠪᠡ᠃ ᠡᠪᠤᠯ ᠤᠨ ᠵᠢᠪᠠᠷᠳᠦ ᠦᠷᠯᠤᠭᠡ ᠠᠪᠤ᠂ ᠭᠦᠤ ᠬᠤᠶᠠᠭᠤᠯᠠ ᠪᠠᠨ ᠤᠬᠢᠯᠠᠵᠤ ᠶᠠᠪᠤᠨ᠎ᠠ᠃ | ᠵᠣᠬᠢᠶᠠᠭᠴᠢ᠄ ︵ᠮᠤᠩᠭᠤᠯ︶ ᠫ᠊ ᠊ ᠫᠦᠷᠪᠤᠰᠦ᠋ᠷᠤᠩ |