ᠦᠨᠢ ᠡᠷᠲᠡᠨ ᠤ ᠲᠡᠤᠭᠡ ᠰᠤᠶᠤᠯ ᠲᠠᠢ ᠦᠪᠦᠷ ᠮᠤᠩᠭᠤᠯ ᠳᠤ ᠡᠯ᠎ᠡ ᠲᠥᠷᠥᠯ ᠤᠨ ᠬᠠᠭᠤᠴᠢ ᠪᠠᠭᠤᠷᠢ 2.1 | ᠲᠦᠮᠡ ᠭᠠᠷᠤᠶ ᠪᠤᠢ᠃ ᠡᠬᠦᠨ ᠳᠤ᠂ ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠪᠠᠭᠤᠷᠢ 30 ᠭᠠᠷᠤᠶ᠂ | ᠬᠦᠷᠡᠯ ᠵᠡᠪᠰᠡᠭ ᠤᠨ ᠦᠶ᠎ᠡ ᠶᠢᠨ ᠪᠠᠭᠤᠷᠢ 5000 ᠭᠠᠷᠤᠶ᠂ ᠴᠢᠨ᠂ ᠬᠠᠨ᠂ ᠸᠧᠶ ᠤᠯᠤᠰ ᠤᠨ ᠦᠶ᠎ᠡ ᠶᠢᠨ ᠶᠡᠭᠡ | ᠪᠠᠭ᠎ᠠ ᠬᠤᠲᠠ ᠪᠠᠯᠭᠠᠰᠤ ᠶᠢᠨ ᠪᠠᠭᠤᠷᠢ 40 ᠭᠠᠷᠤᠶ᠂ ᠰᠦᠶ ᠳᠠᠩ ᠤᠨ ᠦᠶ᠎ᠡ ᠶᠢᠨ ᠪᠠᠭᠤᠷᠢ 300 ᠭᠠᠷᠤᠶ᠂ | ᠯᠢᠶᠣᠤ ᠤᠯᠤᠰ᠂ ᠠᠯᠳᠠᠨ ᠤᠯᠤᠰ᠂ ᠶᠤᠸᠠᠨ ᠤᠯᠤᠰ ᠤᠨ ᠲᠡᠤᠬᠡ ᠶᠢᠨ ᠳᠤᠷᠠᠰᠬᠠᠯᠲᠤ ᠵᠦᠢᠯᠡᠰ 11000 ᠭᠠᠷᠤᠶ | ᠪᠠᠶᠢᠵᠦ᠂ ᠤᠮᠠᠷᠠᠳᠤ ᠬᠢᠯᠢ ᠶᠢᠨ ᠰᠤᠶᠤᠯ ᠤᠨ ᠤᠯᠪᠠᠭ᠎ᠠ ᠶᠢ ᠲᠡᠯᠭᠡᠨ ᠦᠵᠡᠬᠦᠯᠵᠦ ᠪᠤᠢ᠃ | ᠬᠠᠭᠤᠴᠢ ᠪᠠᠭᠤᠷᠢ ᠪᠤᠯ ᠬᠥᠮᠦᠨ ᠲᠥᠷᠥᠯᠬᠢᠲᠡᠨ ᠤ ᠨᠡᠶᠢᠭᠡᠮ᠂ ᠤᠯᠤᠰ ᠲᠥᠷᠥ᠂ ᠠᠵᠤ ᠠᠬᠤᠶ᠂ ᠰᠣᠶᠣᠯ᠂ | ᠴᠡᠷᠢᠭ ᠤᠨ ᠶᠠᠪᠤᠳᠠᠯ᠂ ᠱᠠᠰᠢᠨ ᠰᠤᠷᠲᠠᠬᠤᠨ ᠵᠡᠷᠭᠡ ᠣᠯᠠᠨ ᠲᠠᠯ᠎ᠠ ᠳᠤ ᠬᠤᠯᠪᠣᠭᠳᠠᠬᠤ ᠲᠡᠤᠬᠡ ᠶᠢᠨ ᠢᠮ ᠲᠠᠮᠠᠭ᠎ᠠ | ᠪᠤᠯᠤᠨ᠎ᠠ᠃ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ᠂ ᠬᠠᠮᠪᠤ ᠶᠢᠨ ᠪᠠᠭᠤᠷᠢ᠂ ᠬᠠᠷ᠎ᠠ ᠬᠤᠳᠠ ᠶᠢᠨ ᠪᠠᠭᠤᠷᠢ᠂ | ᠰᠢᠶᠠ ᠵᠢᠶᠠ ᠳ᠋ᠢᠶᠠᠨ ᠤ ᠪᠠᠭᠤᠷᠢ᠂ ᠨᠣᠮᠣᠨ ᠬᠠᠨ ᠤ ᠳᠠᠶᠢᠨ ᠤ ᠪᠠᠭᠤᠷᠢ᠂ ᠵᠣᠣ ᠵᠢᠶᠦ᠋ᠨ ᠤ ᠣᠩᠭᠤᠨ᠂ ᠮᠠ ᠽᠦᠩ | ᠱᠠᠨ ᠠᠭᠤᠯᠠ ᠶᠢᠨ ᠤᠡᠭᠭᠤᠨ ᠤ ᠰᠦᠷᠦᠭᠵᠢᠯ᠂ ᠤᠯᠠᠨ ᠰᠦᠮ᠎ᠠ ᠶᠢᠨ ᠡᠷᠲᠡᠨ ᠤ ᠬᠤᠲᠠ ᠁ ᠤᠳᠤᠨ ᠮᠡᠴᠢᠳ | ᠰᠢᠭ ᠲᠦᠭᠡᠭᠰᠡᠨ ᠬᠤᠪᠣᠷ ᠨᠠᠨᠳᠢᠨ ᠬᠠᠭᠤᠴᠢ ᠪᠠᠭᠤᠷᠢ ᠤᠮᠠᠷᠠᠳᠤ ᠬᠢᠯᠢ ᠶᠢᠨ ᠦᠤᠬᠡ ᠲᠡᠤᠬᠡ ᠶᠢ ᠬᠦᠦᠷᠨᠢᠨ᠂ | ᠰᠣᠶᠣᠯ ᠤᠨ ᠬᠥᠭᠵᠢᠯᠲᠡ ᠶᠢᠨ ᠠᠮᠢᠨ ᠰᠤᠳᠠᠰᠤ ᠪᠤᠯᠤᠨ ᠦᠷᠭᠦᠯᠵᠢᠯᠡᠵᠦ ᠪᠠᠶᠢᠭ᠎ᠠ ᠪᠦᠭᠡᠳ ᠦᠪᠦᠷ ᠮᠤᠩᠭᠤᠯ ᠤᠨ | ᠰᠤᠶᠤᠯ ᠵᠢᠭᠤᠯᠴᠢᠯᠠᠯ ᠤᠨ ᠨᠢᠭᠡᠨ ᠶᠡᠭᠡ ᠪᠦᠷᠢᠯᠳᠦᠬᠦᠨ ᠭᠡᠰᠡᠭ ᠪᠤᠯᠵᠦ᠂ ᠡᠷᠳᠡᠮ ᠰᠢᠨᠵᠢᠯᠡᠭᠡᠨ ᠤ ᠰᠤᠳᠤᠯᠭᠠᠨ᠂ | ᠰᠤᠶᠤᠯ ᠵᠢᠭᠤᠯᠴᠢᠯᠠᠯ ᠤᠨ ᠬᠦᠭᠵᠢᠯᠳᠡ᠂ ᠠᠵᠦ ᠠᠬᠤᠢ ᠨᠡᠶᠢᠭᠡᠮ ᠤᠨ ᠬᠦᠭᠵᠢᠯᠳᠡ ᠳᠤ ᠬᠦᠴᠦᠨ ᠨᠡᠮᠡᠷᠢᠯᠡᠵᠦ | ᠪᠠᠶᠢᠨᠠᠮ᠃ | ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ | ᠱᠠᠩᠳᠤ ᠶᠢᠨ ᠰᠢᠷ᠎ᠠ ᠲᠠᠯ᠎ᠠ ᠳᠤ ᠪᠠᠶᠢᠷᠢᠯᠠᠳᠠᠭ᠃ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ ᠶᠢᠨ ᠶᠡᠷᠦᠩᠬᠡᠢ | ᠲᠠᠯᠠᠪᠠᠢ ᠨᠢ 250 ᠲᠡᠭᠰᠢ ᠳᠥᠷᠪᠡᠯᠵᠢᠨ ᠺᠢᠯᠣᠮᠧᠲᠷ᠂ 1256 ᠤᠨ ᠳᠤ ᠶᠤᠸᠠᠨ ᠱᠢᠽᠤ ᠬᠤᠪᠢᠯᠠᠢ ᠬᠠᠭᠠᠨ ᠤ | ᠵᠠᠷᠯᠢᠬ ᠢᠶᠠᠷ ᠡᠬᠢᠯᠡᠨ ᠪᠠᠶᠢᠭᠤᠯᠵᠠᠢ᠃ ᠶᠤᠸᠠᠨ ᠤ ᠲᠡᠭᠡᠳᠤ ᠨᠡᠶᠢᠰᠯᠡᠯ ᠲᠤᠬᠠᠢ ᠶᠢᠨ ᠥᠶ᠎ᠠ ᠶᠢᠨ ᠤᠯᠤᠰ ᠲᠥᠷᠤ᠂ | ᠠᠵᠤ ᠠᠬᠤᠢ᠂ ᠴᠡᠷᠢᠭ ᠤᠨ ᠶᠠᠪᠤᠳᠠᠯ᠂ ᠰᠤᠶᠤᠯ ᠤᠨ ᠲᠥᠪ ᠪᠤᠯᠵᠤ᠂ ᠲᠤᠮᠳᠠᠳᠤ ᠤᠯᠤᠰ ᠤᠨ ᠡᠷᠳᠡᠨ ᠤ ᠲᠡᠥᠭᠡ | ᠪᠤᠯᠥᠨ ᠲᠡᠯᠡᠭᠡᠢ ᠶᠢᠨ ᠨᠡᠬᠦᠳᠡᠯᠴᠢᠨ ᠥᠨᠳᠥᠰᠥᠳᠡᠨ ᠤ ᠲᠡᠥᠭᠡ ᠶᠢᠨ ᠰᠢᠨ᠎ᠠ ᠤᠨ ᠲᠤᠭᠠᠯᠠᠯ ᠢ ᠨᠡᠭᠡᠭᠡᠵᠦ᠂ ᠮᠤᠩᠭᠤᠯ | ᠶᠤᠸᠠᠨ ᠤ ᠰᠤᠶᠤᠯ᠂ ᠶᠤᠸᠠᠨ ᠤ ᠤᠯᠠᠨ ᠥᠨᠳᠥᠰᠥᠳᠡᠨ ᠤ ᠰᠤᠶᠤᠯ ᠪᠤᠯᠪᠠᠰᠤᠨ ᠢ ᠠᠭᠤᠰᠤᠯᠴᠠᠭᠤᠯᠥᠨ᠂ | ᠦᠷᠤᠨᠡᠳᠠᠬᠢᠨ ᠪᠠ ᠲᠤᠷᠤᠨᠠᠳᠠᠬᠢᠨ ᠤ ᠰᠤᠶᠤᠯ ᠤᠨ ᠰᠤᠯᠢᠯᠴᠠᠭ᠎ᠠ ᠶᠢ ᠠᠬᠢᠭᠤᠯᠵᠤ᠂ ᠬᠥᠮᠥᠨ ᠲᠥᠷᠥᠯᠬᠢᠳᠠᠠ ᠤ | ᠲᠡᠥᠭᠡᠨ ᠲᠡᠭᠡᠷᠡᠬᠢ ᠴᠢᠬᠤᠯᠠ ᠪᠤᠯᠪᠠᠰᠤᠨ ᠤ ᠲᠡᠥᠭᠡ ᠶᠢ ᠲᠡᠮᠳᠡᠭᠯᠡᠭᠰᠠᠠ ᠲᠡᠯᠡᠭᠡᠢ ᠶᠢᠨ ᠬᠠᠮᠤᠭ ᠤᠨ ᠲᠥᠯᠥᠭᠡᠯᠡᠬᠦ | ᠴᠢᠨᠠᠷ ᠪᠦᠬᠦᠢ ᠨᠡᠬᠦᠳᠡᠯᠴᠢᠨ ᠥᠨᠳᠥᠰᠥᠳᠡᠨ ᠤ ᠰᠤᠶᠤᠯ ᠤᠨ ᠥᠪ ᠪᠤᠯᠤᠭᠰᠠᠨ ᠶᠤᠮ᠃ |