ᠦᠷᠭᠡᠨ ᠠᠭᠤᠳᠠᠮ ᠦᠪᠦᠷ ᠮᠤᠩᠭᠤᠯ ᠤᠨ ᠡᠬᠡ ᠭᠠᠵᠠᠷ ᠲᠤ ᠠᠭᠤᠯᠠ ᠬᠠᠶᠢᠷᠬᠠᠨ ᠬᠡᠳᠦᠨ ᠮᠢᠩᠭᠠᠨ ᠭᠠᠵᠠᠷ | ᠢᠢᠡᠷ ᠦᠷᠬᠦᠯᠵᠢᠯᠡᠵᠦ᠂ ᠬᠦᠯᠦᠨ ᠪᠤᠶᠢᠷ ᠤᠨ ᠪᠤᠭᠳᠠ ᠠᠭᠤᠯᠠ᠂ ᠬᠢᠩᠭᠠᠨ ᠳᠠᠪᠠᠭ᠎ᠠ᠂ ᠵᠠᠷᠤᠳ ᠤᠨ ᠲᠡᠭᠡ ᠶᠢᠨ | ᠬᠠᠨ ᠠᠭᠤᠯᠠ᠂ ᠬᠦᠷᠢᠶ᠎ᠡ ᠬᠤᠰᠢᠭᠤᠨ ᠤ ᠠᠴᠢᠮᠠᠬ ᠤᠨ ᠠᠭᠤᠯᠠ᠂ ᠬᠤᠷᠴᠢᠨ ᠵᠡᠬᠦᠨ ᠭᠠᠷᠤᠨ ᠬᠤᠶᠢᠳᠤ | ᠬᠤᠰᠢᠭᠤᠨ ᠤ ᠱᠤᠩᠬᠤᠷ ᠤᠨ ᠠᠭᠤᠯᠠ᠂ ᠪᠠᠷᠠᠭᠤᠨ ᠦᠵᠦᠮᠦᠴᠢᠨ ᠬᠤᠰᠢᠭᠤᠨ ᠤ ᠬᠦᠷᠦᠭᠡᠰᠦᠳᠡᠢ ᠬᠠᠨ ᠠᠭᠤᠯᠠ᠂ | ᠵᠡᠬᠦᠨ ᠦᠵᠦᠮᠦᠴᠢᠨ ᠬᠤᠰᠢᠭᠤᠨ ᠤ ᠤᠯᠢᠶᠠᠰᠤᠳᠠᠢ ᠠᠭᠤᠯᠠ᠂ ᠪᠠᠭᠠᠷᠢᠨ ᠬᠠᠨ ᠠᠭᠤᠯᠠ᠂ ᠤᠯᠠᠭᠠᠨᠴᠠᠪ ᠤᠨ | ᠰᠤᠮᠤᠨ ᠠᠭᠤᠯᠠ᠂ ᠦᠬᠠᠢ ᠶᠢᠨ ᠭᠠᠨᠳᠠᠷᠢ ᠠᠭᠤᠯᠠ᠂ ᠪᠠᠶᠠᠨᠨᠠᠭᠤᠷ ᠤᠨ ᠮᠤᠨᠠ ᠠᠭᠤᠯᠠ᠂ ᠬᠦᠬᠡᠬᠤᠳᠠ ᠶᠢᠨ ᠲᠠᠯᠠᠨ | ᠬᠠᠷ᠎ᠠ ᠠᠭᠤᠯᠠ᠂ ᠠᠯᠠᠱᠠ ᠠᠭᠤᠯᠠ ᠵᠡᠷᠭᠡ ᠠᠭᠤᠯᠠ ᠨᠢᠷᠤᠭᠤᠳ ᠪᠦᠬᠦ ᠤᠷᠤᠨ ᠤ ᠶᠡᠷᠦᠩᠬᠡᠢ ᠲᠠᠯᠠᠪᠠᠢ ᠢᠢᠨ 20. | 9% ᠶᠢ ᠡᠵᠡᠯᠡᠨ᠂ ᠵᠢᠭᠤᠯᠴᠢᠯᠠᠯ ᠤᠨ ᠦᠵᠡᠮᠵᠢᠳᠤ ᠤᠷᠤᠨ ᠪᠤᠯᠤᠭᠠᠳ ᠵᠢᠭᠤᠯᠴᠢᠯᠠᠭᠰᠠᠳ ᠤᠨ ᠤᠷᠮ᠎ᠠ ᠪᠠᠬ᠎ᠠ ᠶᠢ | ᠲᠠᠲᠠᠵᠤ᠂ ᠬᠦᠰᠡᠯ ᠵᠡᠭᠦᠳᠦ ᠶᠢ ᠬᠦᠪᠦᠷᠡᠭᠦᠯᠵᠦ ᠪᠠᠶᠢᠨᠠᠮ᠃ | ᠮᠠᠨ ᠤ ᠤᠷᠤᠨ ᠳᠤ ᠪᠠᠷᠭᠤ ᠢᠢᠨ ᠪᠤᠭᠳᠠ ᠠᠭᠤᠯᠠ᠂ ᠵᠠᠷᠤᠳ ᠤᠨ ᠲᠡᠭᠡ ᠢᠢᠨ ᠬᠠᠨ᠂ ᠬᠢᠨᠭ᠍ᠭᠠᠨ ᠤ ᠪᠤᠭᠳᠠ | ᠠᠭᠤᠯᠠ᠂ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠱᠤᠩᠬᠤᠷ ᠤᠨ ᠠᠭᠤᠯᠠ᠂ ᠳᠠᠯᠠᠨ ᠬᠠᠷ᠎ᠠ ᠠᠭᠤᠯᠠ᠂ | ᠰᠤᠮᠤᠨ ᠠᠭᠤᠯᠠ᠂ ᠠᠯᠠᠱᠠ ᠠᠭᠤᠯᠠ ᠵᠡᠷᠭᠡ ᠤᠯᠠᠨ ᠠᠭᠤᠯᠠ ᠬᠠᠶᠢᠷᠬᠠᠨ ᠦᠵᠡᠰᠭᠦᠯᠡᠩᠲᠦ ᠰᠠᠶᠢᠬᠠᠨ ᠤᠮᠠᠷᠠᠲᠤ | ᠬᠢᠯᠢ ᠢᠢᠨ ᠲᠠᠷᠬᠠᠨ ᠬᠠᠷᠠᠭᠤᠯ ᠮᠡᠲᠦ ᠰᠡᠭᠦ᠋ᠨ ᠰᠦᠨᠳᠡᠷᠯᠡᠵᠦ᠂ ᠰᠤᠶᠤᠯ ᠵᠢᠭᠤᠯᠴᠢᠯᠠᠯ ᠤᠨ ᠦᠢᠯᠡᠰ ᠤᠨ ᠪᠠᠰᠠ | ᠨᠢᠭᠡᠨ ᠰᠤᠳᠤᠨ ᠠᠭᠤᠯᠭ᠎ᠠ ᠪᠤᠯᠵᠤ ᠪᠠᠶᠢᠳᠠᠭ ᠶᠤᠮ᠃ | ᠬᠦᠯ ᠬᠦᠭᠵᠢᠶᠡᠨᠲᠡᠢ ᠬᠤᠲᠠ ᠢᠢᠨ ᠵᠠᠢ ᠠᠴᠠ ᠵᠠᠶᠢᠳᠠᠵᠤ᠂ ᠠᠭᠤᠯᠠ ᠮᠠᠴᠤᠵᠤ ᠠᠭᠤᠵᠢᠭᠤ ᠠᠮᠢᠰᠬᠤᠯᠯᠠᠨ᠂ | ᠠᠶᠤᠤᠯᠢᠬᠠᠢ ᠴᠡᠭᠡᠵᠢᠨ ᠤ ᠴᠢᠯᠡᠭᠡ ᠪᠠᠨ ᠲᠠᠶᠢᠯᠵᠤ᠂ ᠠᠯᠤᠰ ᠢ ᠰᠢᠷᠲᠡᠵᠦ ᠨᠤᠲᠤᠭ ᠤᠨ ᠪᠠᠷ᠎ᠠ ᠰᠠᠷᠠᠪᠴᠢᠯᠠᠬᠤ | ᠶᠠᠭᠤᠲᠠᠢ ᠰᠠᠶᠢᠬᠠᠨ ᠪᠢᠯᠡ⁈ ᠦᠨᠳᠦᠷ ᠤᠷᠬᠢᠯ ᠳᠤ ᠭᠠᠷᠴᠤ ᠰᠦᠷᠲᠡᠢ ᠰᠦᠮᠪᠦᠷ ᠢ ᠬᠠᠷᠠᠵᠤ ︽ᠠᠭᠤᠯᠠ ᠶᠢᠨ | ᠴᠠᠭᠠᠨ᠎ᠠ ᠠᠭᠤᠯᠠ ᠪᠤᠢ︾ ᠭᠡᠬᠦ ᠡᠪᠦᠭᠡᠳ ᠤᠨ ᠰᠤᠷᠭᠠᠯ ᠢ ᠡᠷᠬᠢᠴᠡᠭᠦᠯᠦᠨ ᠡᠷᠴᠢ ᠬᠦᠴᠦᠨ ᠢᠢᠡᠨ ᠴᠢᠩᠭᠠᠷᠠᠭᠤᠯᠵᠤ᠂ | ᠪᠤᠳᠤᠯ ᠵᠤᠷᠢᠭ ᠢᠢᠡᠨ ᠬᠦᠪᠴᠢᠯᠡᠬᠦ ᠰᠠᠶᠢᠬᠠᠨ ᠪᠢᠰᠢᠦ⁈ ᠬᠤᠷ᠎ᠠ ᠪᠤᠷᠤᠭ᠎ᠠ ᠵᠠᠯᠠᠵᠤ ᠬᠤᠪᠢᠯᠭᠠᠨ ᠤᠪᠠᠳᠢᠰ ᠢ ᠨᠢ | ᠢᠯᠡᠷᠡᠭᠦᠯᠬᠦ ᠭᠡᠵᠦ ᠡᠳᠦᠷ ᠤᠨ ᠰᠠᠶᠢᠬᠠᠨ ᠢ ᠰᠤᠩᠭᠤᠵᠤ ᠶᠠᠪᠤᠭᠳᠠᠳᠠᠭ ᠪᠤᠭᠳᠠ ᠠᠭᠤᠯᠠ ᠢᠢᠨ ᠲᠠᠬᠢᠯᠭ᠎ᠠ ᠳᠤ | ᠤᠷᠤᠯᠴᠠᠵᠤ᠂ ᠪᠤᠳᠤᠯ ᠰᠡᠳᠬᠢᠯ ᠤᠨ ᠬᠦᠨᠳᠦᠳᠬᠡᠯ ᠢᠢᠡᠨ ᠳᠡᠪᠰᠢᠭᠦᠯᠵᠦ ᠳᠠᠭᠠᠳᠬᠠᠨ ᠮᠦᠷᠬᠦᠵᠦ᠂ ᠨᠤᠲᠤᠭ ᠤᠨ | ᠡᠪᠦᠭᠡᠳ ᠤᠨ ᠶᠠᠷᠢᠶ᠎ᠠ ᠠᠴᠠ ᠪᠤᠭᠤᠷᠤᠯ ᠬᠠᠨ ᠤ ᠲᠤᠮᠤᠭ ᠦᠯᠢᠭᠡᠷ ᠢ ᠰᠤᠨᠤᠰᠬᠤ ᠰᠠᠶᠢᠬᠠᠨ ᠪᠢᠰᠢ ᠦᠦ⁈ ᠠᠮᠠᠷᠠᠭ | ᠬᠠᠨᠢ ᠲᠠᠢ ᠪᠠᠨ ᠰᠢᠪᠠᠭᠤᠳ ᠤᠨ ᠵᠢᠷᠬᠢᠶ᠎ᠡ ᠪᠤᠭᠤ ᠶᠢᠨ ᠤᠷᠤᠮᠳᠠᠭ᠎ᠠ ᠲᠠᠢ ᠠᠭᠤᠯᠠᠨ ᠵᠦ᠋ᠷᠢᠭ ᠢᠢᠡᠷ ᠤᠷᠬᠢᠯ ᠳᠤ | ᠭᠠᠷᠴᠤ ᠤᠷᠭᠤᠬᠤ ᠨᠠᠷᠠᠨ ᠢ ᠤᠭᠲᠤᠬᠤ ᠠᠴᠠ ᠢᠯᠡᠬᠦᠦ ᠷᠤᠮᠠᠨᠲ᠋ᠢᠭ ᠠᠵᠦ ᠬᠠᠮᠢᠶ᠎ᠠ ᠪᠠᠶᠢᠬᠤ ᠪᠢᠯᠡ᠃ |