ᠨᠠᠮ᠎ᠠ ᠠᠴᠠ ᠬᠤᠯᠠ ᠵᠠᠶᠢᠯᠠᠵᠤ ᠶᠠᠪᠤᠭᠠᠷᠠᠢ
ᠨᠡᠶᠢᠲᠡᠯᠡᠭᠰᠡᠨ ᠴᠠᠭ᠄
2024/1/27
    ᠪᠢ ᠪᠣᠯ ᠨᠢᠭᠡ ᠭᠠᠷ ᠤᠲᠠᠰᠤ᠃ ᠨᠢᠷᠤᠭᠤᠨ ᠭᠤᠣᠯ ᠳᠤ ᠮᠢᠨᠢ ᠬᠠᠵᠠᠭᠰᠠᠨ ᠠᠯᠮᠤᠷᠠᠳ ᠤᠨ ᠵᠢᠷᠤᠭ ᠲᠠᠢ᠂ ᠨᠠᠳᠠ ᠳᠤ ᠪᠠᠰᠠ ︽iphno︾ ᠭᠡᠳᠡᠭ ᠨᠡᠷ᠎ᠡ ᠲᠠᠢ᠂ ᠰᠣᠨᠣᠰᠴᠤ ᠥᠩᠭᠡᠷᠡᠭᠰᠡᠨ ᠪᠢᠵᠡ︖ ᠲᠠᠨ ᠤ ᠬᠥᠮᠥᠨ ᠲᠥᠷᠥᠯᠬᠢᠲᠡᠨ ᠤ ᠬᠡᠯᠡᠬᠦ ᠪᠠᠷ ᠪᠢ ᠴᠢᠨᠢ ᠨᠡᠯᠢᠶᠡᠳ ᠰᠠᠶᠢᠨ ᠭᠠᠷ ᠤᠲᠠᠰᠤ ᠭᠡᠨ᠎ᠡ᠃    ᠨᠠᠮ᠎ᠠ ᠶᠢ ᠮᠡᠨᠳᠦᠯᠡᠭᠰᠡᠨ ᠠᠴᠠ ᠨᠠᠭᠠᠰᠢ ᠨᠢᠭᠡ ᠬᠠᠶᠢᠷᠴᠠᠭ ᠲᠤ ᠬᠢᠭᠡᠳ ᠬᠡᠪᠲᠡᠭᠦᠯᠵᠦ ᠯᠡ ᠪᠠᠶᠢᠨ᠎ᠠ᠃ ᠬᠠᠵᠠᠭᠤ ᠳᠤ ᠪᠠᠰᠠ ᠨᠠᠮ᠎ᠠ ᠲᠠᠢ ᠠᠳᠠᠯᠢ ᠤᠯᠠᠨ ᠭᠠᠷ ᠤᠲᠠᠰᠤ ᠬᠡᠪᠲᠡᠵᠦ ᠪᠠᠶᠢᠨ᠎ᠠ᠂ ᠪᠢᠳᠡᠨ ᠤ ᠬᠡᠪᠲᠡᠵᠦ ᠪᠠᠶᠢᠭ᠎ᠠ ᠬᠠᠶᠢᠷᠴᠠᠭ ᠳᠡᠭᠡᠷ᠎ᠡ ᠨᠢᠭᠡ ᠲᠤᠭ᠎ᠠ ᠨᠠᠭᠠᠵᠤ ᠪᠠᠶᠢᠨ᠎ᠠ᠃ ᠦᠨ᠎ᠡ ᠬᠠᠩᠰᠢ ᠮᠠᠶ᠋ᠢᠭ ᠲᠠᠢ᠂ ᠭᠠᠷ ᠤᠲᠠᠰᠤ ᠠᠪᠬᠤ ᠪᠠᠷ ᠢᠷᠡᠭᠰᠡᠨ ᠬᠦᠮᠦᠰ ᠦᠨ᠎ᠡ ᠬᠠᠩᠰᠢ ᠶᠢ ᠦᠵᠡᠬᠦ ᠪᠣᠯᠭᠠᠨ ᠲᠣᠯᠣᠭᠠᠢ ᠰᠠᠵᠢᠨ ᠬᠥᠮᠥᠰᠭᠡ ᠠᠲᠤᠷᠢᠨ ᠴᠢᠨᠠᠭᠰᠢ ᠪᠠᠨ ᠥᠭᠡᠷ᠎ᠡ ᠬᠢᠮᠳᠠ ᠭᠠᠷ ᠤᠲᠠᠰᠤ ᠵᠦᠭ ᠴᠢᠭᠯᠡᠳᠡᠭ᠂ ᠡᠨᠡ ᠦᠶ᠎ᠡ ᠳᠤ ᠬᠠᠮᠤᠭ ᠠᠴᠠ ᠡᠭᠳᠡᠭᠦᠦ ᠬᠦᠷᠬᠦ ᠪᠢᠯᠡ᠂ ᠲᠡᠲᠡᠭᠡᠷ ᠬᠠᠷ᠎ᠠ ᠲᠤᠯᠤᠭᠠᠶᠢᠲᠤ ᠬᠦᠮᠦᠰ ᠤᠨ ᠡᠭᠳᠡᠭᠦᠦ ᠲᠠᠢ ᠳᠦᠷᠢ ᠪᠠᠶᠢᠳᠠᠯ ᠢ ᠦᠵᠡᠬᠦ ᠪᠦᠷᠢ ᠥᠪᠡᠷ ᠤᠨ ᠪᠡᠶ᠎ᠡ ᠎ ᠪᠠᠨ ᠶᠠᠭᠤᠨ ᠳᠤ ᠦᠨᠡᠲᠡᠢ ᠪᠣᠯᠵᠤ ᠵᠠᠶᠠᠭᠠᠭᠰᠠᠨ ᠪᠣᠢ᠂ ᠭᠡᠵᠦ ᠪᠣᠳᠣᠨ ᠪᠣᠳᠣᠨ ᠶᠠᠷ᠎ᠠ ᠬᠦᠷᠳᠡᠭ᠃ ᠨᠢᠭᠡᠨ ᠡᠳᠦᠷ ᠳᠡᠯᠭᠡᠭᠦᠷ ᠲᠤ ᠮᠢᠨᠢ ᠨᠢᠭᠡᠨ ᠠᠪᠤ ᠭᠦᠦ ᠬᠤᠶᠠᠷ ᠣᠷᠣᠵᠣ ᠢᠷᠡᠪᠡ᠂ ᠡᠨᠡ ᠠᠪᠤ ᠬᠦᠦ ᠬᠤᠶᠠᠷ  ᠤᠨ ᠡᠮᠦᠰᠴᠦ ᠵᠡᠭᠦᠬᠦ ᠶᠢ ᠨᠢ ᠦᠵᠡᠪᠡᠯ ᠶᠡᠭᠡ ᠣᠯᠠᠨ ᠮᠥᠩᠭᠦ ᠲᠠᠢ ᠪᠠᠶᠠᠨ ᠬᠦᠮᠦᠨ ᠭᠡᠳᠡᠭ ᠢ ᠭᠠᠳᠠᠷᠯᠠᠪᠠ᠂ ᠲᠡᠷᠡ ᠬᠦᠦ ᠠᠷᠪᠠᠨ ᠳᠥᠷᠪᠡ ᠲᠠᠪᠤᠨ ᠨᠠᠰᠤᠨ ᠤ ᠣᠷᠴᠢᠮ᠂ ᠳᠡᠯᠭᠡᠭᠦᠷ ᠤᠨ ᠯᠠᠩᠭᠦᠢ ᠳᠤ ᠬᠡᠪᠲᠡᠵᠦ ᠪᠠᠶᠢᠭ᠎ᠠ ᠭᠠᠷ ᠤᠲᠠᠰᠤ ᠶᠢ ᠵᠠᠬ᠎ᠠ ᠳᠠᠷᠠᠭᠠᠯᠠᠨ ᠠᠵᠢᠭᠯᠠᠵᠤ ᠡᠬᠢᠯᠡᠵᠡᠢ᠂ ᠡᠮᠦᠨ᠎ᠡ ᠬᠡᠳᠦᠨ ᠬᠦᠮᠦᠰ ᠤᠨ ᠲᠡᠷᠡ ᠪᠠᠶᠢᠳᠠᠯ ᠢ ᠪᠣᠳᠣᠵᠣ ᠣᠯᠤᠭᠠᠳ ᠡᠨᠡ ᠬᠦᠦ ᠨᠠᠮ᠎ᠠ ᠶᠢ ᠬᠤᠳᠠᠯᠳᠤᠨ ᠠᠪᠬᠤ ᠶᠢ ᠶᠡᠬᠡᠳᠡ ᠬᠦᠰᠡᠪᠡ᠃    ᠶᠠᠭ ᠰᠠᠨᠠᠭ᠎ᠠ ᠪᠠᠷ ᠲᠡᠷᠡ ᠬᠦᠦ ᠨᠠᠲᠠ ᠶᠢ ᠬᠠᠶᠢᠷᠴᠠᠭ ᠠᠴᠠ ᠠᠪᠴᠤ ᠭᠠᠷᠭᠠᠨ᠂ ᠨᠢᠭᠤᠷ ᠴᠢᠷᠠᠢ ᠳᠡᠭᠡᠷ᠎ᠡ ᠮᠢᠨᠢ ᠠᠳᠡ ᠲᠡᠨᠳᠡ ᠳᠣᠶ᠋ᠢᠵᠦ ᠦᠵᠡᠭᠰᠡᠨ  ᠢᠶᠠᠨ ᠡᠴᠦᠰ ᠲᠤ ᠪᠠᠨ ᠲᠣᠯᠤᠭᠠᠢ ᠲᠣᠬᠢᠨ ᠳᠡᠯᠭᠡᠭᠦᠷ ᠤᠨ ᠡᠵᠡᠨᠲᠡᠨ ᠳᠤ ᠲᠣᠭᠠᠴᠠᠭ᠎ᠠ ᠬᠢᠭᠡᠳ ᠨᠠᠲᠠ ᠶᠢ ᠠᠪᠤᠭᠠᠳ ᠬᠠᠷᠢᠪᠠ᠃ ᠪᠢᠴᠢᠬᠠᠨ ᠡᠵᠡᠨ ᠮᠢᠨᠢ ᠭᠡᠷ ᠲᠤ ᠪᠠᠨ ᠬᠠᠷᠢᠮᠠᠭᠴᠠ ᠥᠷᠦᠭᠡᠨ ᠳᠤ ᠪᠠᠨ ᠣᠷᠣᠵᠣ ᠡᠯᠳᠡᠪ ᠶᠠᠩᠵᠤ ᠶᠢᠨ ᠬᠦᠳᠡᠯᠭᠡᠭᠡᠨ ᠭᠠᠷᠭᠠᠵᠤ ᠦᠪᠡᠷ ᠢ ᠪᠠᠨ ᠰᠡᠭᠦᠳᠡᠷᠯᠡᠪᠡ᠃ ᠬᠦ᠋᠂ ᠰᠠᠶᠢᠬᠠᠨ ᠬᠦᠦ ᠰᠢᠳᠡ᠂ ᠰᠡᠭᠦᠳᠡᠷᠯᠡᠵᠦ ᠪᠠᠷᠠᠩᠭᠤᠳᠠ ᠡᠵᠡᠨ ᠮᠢᠨᠢ ᠮᠢᠨᠤ ᠬᠡᠪᠡᠯᠢ ᠳᠤ ᠮᠢᠨᠢ ᠣᠯᠠᠨ ᠵᠦᠢᠯ ᠤᠨ ᠲᠣᠭᠯᠠᠭᠠᠮ ᠪᠠᠭᠤᠯᠭᠠᠵᠤ ᠠᠪᠤᠪᠠ᠃ ᠵᠠ᠂ ᠢᠩᠭᠢᠭᠡᠳ ᠪᠥᠭᠡᠮ ᠠᠵᠢᠯ ᠲᠠᠢ ᠪᠣᠯᠣᠭᠰᠠᠨ ᠪᠢ ᠲᠤᠩ ᠴᠤ ᠪᠠᠶᠠᠷᠯᠠᠵᠤ ᠠᠪᠤᠯ᠎ᠠ᠃ ᠡᠵᠡᠨ ᠳᠤ ᠪᠠᠨ ᠦᠢᠯᠡᠴᠢᠯᠡᠬᠦ ᠶᠠᠷᠢᠶᠠᠨ ᠦᠭᠡᠢ ᠳᠤᠷᠠᠲᠠᠢ᠂ ᠤᠴᠢᠷ ᠨᠢ ᠡᠨᠡ ᠪᠣᠯ ᠮᠢᠨᠤ ᠡᠭᠦᠷᠭᠡ᠃ ᠭᠡᠪᠡᠴᠦ ᠬᠡᠳᠦᠨ ᠡᠳᠦᠷ ᠤᠨ ᠳᠠᠷᠠᠭ᠎ᠠ ᠮᠢᠨᠤ ᠪᠣᠳᠣᠯ ᠥᠭᠡᠷᠡᠴᠢᠯᠡᠭᠳᠡᠪᠡ᠃ ᠪᠢᠴᠢᠬᠠᠨ ᠡᠵᠡᠨ ᠮᠢᠨᠢ ᠤᠤᠭᠤᠵᠤ ᠢᠳᠡᠬᠦ ᠪᠠᠨ ᠴᠤ ᠮᠡᠳᠡᠬᠦ ᠦᠭᠡᠢ᠂ ᠨᠠᠲᠠ ᠶᠢ ᠬᠦᠨᠳᠡᠯᠡᠨ ᠪᠠᠷᠢᠵᠤ ᠨᠠᠭᠠᠳᠴᠤ ᠯᠠ ᠪᠠᠶᠢᠨ᠎ᠠ᠃ ᠤᠨᠲᠠᠵᠤ ᠬᠡᠪᠲᠡᠬᠦ᠂ ᠵᠠᠮ ᠠᠶᠠᠯᠠᠬᠤ ᠳᠤ ᠪᠦᠷ ᠴᠤ ᠭᠠᠷ ᠲᠠᠯᠪᠢᠬᠤ ᠦᠭᠡᠢ᠂ ᠴᠢᠨᠠᠭᠰᠢᠯᠠᠪᠠᠯ ᠵᠣᠷᠯᠣᠩ ᠳᠤ ᠣᠷᠣᠬᠤ ᠳᠤ ᠪᠠᠨ ᠴᠤ ᠨᠠᠲᠠ ᠎ ᠶᠢ ᠠᠳᠬᠤᠨ ᠣᠷᠤᠳᠠᠭ ᠁ ᠪᠢᠴᠢᠬᠠᠨ ᠡᠵᠡᠨ ᠮᠢᠨᠢ ᠨᠢᠭᠡᠨᠲᠡ ᠨᠢᠭᠤᠷ ᠲᠤ ᠪᠠᠨ ᠭᠠᠯ ᠲᠠᠢ᠂ ᠨᠢᠳᠦᠨ ᠳᠤ ᠎ ᠪᠠᠨ ᠴᠤᠭ ᠲᠠᠢ ᠬᠦᠦ ᠪᠢᠰᠢ ᠪᠣᠯᠵᠠᠢ᠃ ᠢᠭᠭᠢᠭᠡᠳ ᠣᠯᠠᠨ ᠡᠳᠦᠷ ᠤᠨ ᠳᠠᠷᠠᠭ᠎ᠠ ᠡᠵᠡᠨ ᠮᠢᠨᠢ ᠮᠢᠨᠤ ᠤᠴᠢᠷ ᠠᠴᠠ ᠪᠣᠯᠵᠣ ᠭᠡᠷ ᠤᠨ ᠬᠦᠮᠦᠰ ᠲᠠᠢ  ᠪᠠᠨ ᠲᠦᠢᠯ ᠤᠨ ᠶᠡᠭᠡ ᠬᠡᠷᠡᠭᠦᠯ ᠬᠢᠪᠡ᠂ ᠪᠢ ᠳᠤᠮᠳᠠ ᠨᠢ ᠣᠷᠤᠵᠤ ᠬᠡᠳᠦᠨ ᠦᠭᠡ ᠬᠡᠯᠡᠶ᠎ᠡ ᠭᠡᠵᠦ ᠪᠣᠳᠣᠭᠰᠠᠨ ᠴᠤ ᠬᠡᠯᠡᠵᠦ ᠴᠢᠳᠠᠬᠤ ᠦᠭᠡᠢ ᠠᠷᠭ᠎ᠠ ᠪᠠᠷᠠᠭᠳᠠᠯ᠎ᠠ᠃    ᠵᠥᠪᠬᠡᠨ ᠬᠠᠵᠠᠭᠤ ᠳᠤ ᠨᠢ ᠬᠡᠪᠲᠡᠵᠦ ᠲᠠᠲᠡᠨ ᠤ ᠬᠡᠷᠡᠭᠦᠯ ᠢ ᠡᠬᠢᠨ  ᠠᠴᠠ ᠨᠢ ᠲᠡᠭᠦᠰᠲᠡᠯ᠎ᠡ ᠦᠵᠡᠨ᠎ᠡ᠃ ᠪᠢᠴᠢᠬᠠᠨ ᠡᠵᠡᠨ ᠤ ᠠᠪᠤ ᠨᠢ ᠲᠤᠩ ᠠᠭᠤᠷᠯᠠᠭᠰᠠᠨ ᠲᠤᠯᠠ ᠬᠠᠴᠠᠷ ᠲᠦᠭᠦᠰᠢ  ᠨᠢ ᠤᠯᠠᠶᠢᠵᠤ ︽ᠭᠠᠭᠴᠠ ᠬᠦᠦ ᠪᠠᠨ ᠬᠠᠮᠢᠶᠠᠷᠴᠤ ᠳᠡᠶᠢᠯᠬᠦ ᠦᠭᠡᠢ ᠦᠦ︖︾ ᠭᠡᠳ ᠬᠡᠯᠡᠩᠭᠦᠳᠡ ᠬᠠᠵᠠᠭᠤ ᠳᠤ ᠬᠡᠪᠲᠡᠵᠦ ᠪᠠᠶᠢᠭᠰᠠᠨ ᠨᠠᠮ᠎ᠠ ᠶᠢ ᠪᠠᠷᠠᠭᠤᠨ ᠭᠠᠷ ᠲᠤ ᠪᠠᠨ ᠠᠪᠴᠤ ᠳᠡᠭᠡᠭᠰᠢ ᠡᠷᠭᠦᠨ ᠰᠠᠪᠠᠭ᠋ᠤ ᠭᠡᠵᠦ ᠪᠠᠶᠢᠭ᠎ᠠ ᠶᠢ ᠪᠢᠴᠢᠬᠠᠨ ᠡᠵᠡᠨ ᠮᠢᠨᠢ ᠣᠯᠵᠤ ᠦᠵᠡᠭᠡᠳ ᠰᠠᠨᠳᠤᠷᠬᠤ ᠳᠤ ᠪᠠᠨ ᠨᠠᠮ᠎ᠠ ᠶᠢ ᠠᠪᠤ ᠶᠢᠨ ᠢᠶᠠᠨ ᠭᠠᠷ ᠠᠴᠠ ᠪᠤᠯᠢᠶᠠᠵᠤ ᠠᠪᠬᠤ ᠭᠡᠵᠦ ᠪᠠᠶᠢᠲᠠᠯ᠎ᠠ ᠪᠢ ᠨᠢᠭᠡᠨᠲᠡ ᠭᠠᠵᠠᠷ ᠲᠤ ᠣᠶᠢᠴᠢᠵᠤ ᠨᠢᠭᠤᠷ ᠴᠢᠷᠠᠢ ᠠᠪᠬᠤ ᠶᠢᠨ ᠠᠷᠭ᠎ᠠ ᠦᠭᠡᠢ ᠬᠠᠭᠠᠷᠠᠭᠰᠠᠨ ᠪᠢᠯᠡ᠃ ᠪᠢ ᠴᠤ ᠬᠠᠭᠠᠷᠠᠴᠢᠬᠠᠯ᠎ᠠ ᠭᠡᠵᠦ ᠵᠤᠪᠠᠭᠰᠠᠨ ᠦᠭᠡᠢ᠂ ᠬᠠᠷᠢᠨ ᠢᠩᠭᠢᠭᠰᠡᠨ ᠨᠢ ᠳᠡᠭᠡᠷ᠎ᠡ ᠭᠡᠳᠡᠭ ᠪᠣᠳᠣᠯ ᠣᠷᠤᠪᠠ᠃ ᠤᠴᠢᠷ ᠨᠢ ᠪᠢ ᠬᠠᠭᠠᠷᠠᠪᠠᠯ ᠪᠢᠴᠢᠬᠠᠨ ᠡᠵᠡᠨ ᠳᠤ ᠴᠤ ᠲᠤᠰᠠ ᠲᠠᠢ ᠁ ᠪᠢᠴᠢᠬᠠᠨ ᠡᠵᠡᠨ ᠬᠠᠭᠠᠷᠭ᠍ᠰᠠᠨ ᠤᠲᠠᠰᠤ ᠨᠠᠮ᠎ᠠ ᠶᠢ ᠲᠡᠮᠲᠡᠷᠢᠨ ᠤᠬᠢᠯᠠᠵᠤ ᠪᠠᠶᠢᠬᠤ ᠶᠢ ᠦᠵᠡᠭᠡᠳ ᠰᠡᠳᠬᠢᠯ ᠮᠢᠨᠢ ᠶᠠᠭᠠᠬᠢᠬᠤ ᠶᠢᠨ ᠠᠷᠭ᠎ᠠ ᠦᠭᠡᠢ ᠡᠮᠵᠡᠭᠯᠡᠯ᠎ᠡ᠃ ᠪᠢᠴᠢᠬᠠᠨ ᠡᠵᠡᠨ ᠮᠢᠨᠢ᠂ ᠬᠡᠷᠪᠡ ᠡᠷᠲᠡ ᠨᠠᠲᠠ ᠠᠴᠠ ᠬᠤᠯᠠ ᠵᠠᠶᠢᠯᠠᠵᠤ᠂ ᠨᠠᠮ᠎ᠠ ᠶᠢ ᠵᠢᠭᠰᠢᠵᠦ ᠶᠠᠪᠤᠭᠰᠠᠨ ᠪᠣᠯ ᠡᠨᠡ ᠬᠡᠮᠵᠢᠶᠡᠨ ᠳᠤ ᠬᠦᠷᠦᠨ᠎ᠡ ᠭᠡᠵᠦ ᠦᠦ︖ ᠬᠥᠮᠥᠰ ᠡ᠂ ᠨᠠᠮ᠎ᠠ ᠠᠴᠠ ᠬᠤᠯᠠ ᠵᠠᠶᠢᠯᠠᠭᠠᠷᠠᠢ︕ ᠣᠯᠠᠭᠠᠠᠬᠠᠳᠠ ᠬᠤᠳᠠ ᠶᠢᠨ ᠣᠡᠭᠨᠢᠭᠤᠳ ᠬᠤᠰᠢᠭᠤᠠ ᠤ ᠬᠠᠶᠢᠯᠠᠰᠣ ᠳᠠᠬᠢ ᠮᠣᠩᠭᠤᠯ ᠦᠨᠳᠦᠰᠦᠲᠡᠨ ᠤ ᠰᠣᠷᠭᠠᠭᠤᠯᠢ ᠶᠢᠨ ᠠᠩᠬ᠎ᠠ ᠨᠢᠭᠡ ᠶᠢᠨ ᠲᠠᠪᠤ ᠰᠠᠷᠭᠠᠢ ᠵᠢᠯᠤᠭᠤᠳᠤᠭᠰᠠᠨ ᠪᠠᠭᠰᠢ᠄ ᠪᠠᠶᠠᠨᠮᠥ᠋ᠩᠬᠡ
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号