ᠬᠡᠥᠬᠡᠤᠨ ᠲᠤ ᠡᠬᠡ ᠶᠢᠨ ᠨᠦᠯᠦᠬᠡ ᠬᠠᠮᠤᠭ ᠠᠴᠠ ᠢᠯᠡᠭᠦᠦ
ᠨᠡᠶᠢᠲᠡᠯᠡᠭᠰᠡᠨ ᠴᠠᠭ᠄
2024/10/16
   ᠬᠡᠥᠬᠡᠤᠨ ᠶᠡᠷᠥ ᠠᠴᠠ ᠡᠴᠢᠬᠡ ᠡᠬᠡ ᠪᠠᠨ ᠳᠠᠭᠤᠷᠢᠶᠠᠵᠤ ᠶᠠᠭᠤᠮ᠎ᠠ ᠰᠤᠷᠴᠤ᠂ ᠡᠴᠢᠬᠡ ᠡᠬᠡ ᠪᠠᠨ ᠳᠠᠭᠤᠷᠢᠶᠠᠵᠤ ᠬᠥᠮᠥᠨ ᠪᠤᠯᠳᠠᠭ᠃ ᠠᠷᠠᠤᠨ ᠤᠨ ᠰᠡᠴᠡᠨ ᠥᠬᠡᠨ ᠳᠤ ︽ᠬᠡᠬᠡᠷ ᠠᠯᠠᠭ ᠠᠴᠠ ᠰᠢᠬᠢᠷ᠎ᠠ ᠠᠯᠠᠭ︾ ᠬᠡᠳᠡᠭ ᠥᠬᠡ ᠨᠢ ᠶᠠᠭ ᠡᠭᠦᠨ ᠢ ᠲᠤᠳᠤᠷᠬᠠᠶᠢᠯᠠᠵᠤ ᠬᠡᠯᠡᠵᠡᠢ᠃ ᠡᠴᠢᠬᠡ ᠡᠬᠡ ᠨᠢ ᠶᠠᠮᠠᠷ ᠬᠥᠮᠥᠨ ᠪᠤᠯ ᠬᠡᠥᠬᠡᠤᠨ ᠨᠢ ᠲᠡᠶᠢᠮᠥ ᠬᠥᠮᠥᠨ ᠪᠤᠯᠳᠠᠭ᠂ ᠡᠶᠢᠮᠥ ᠠᠴᠠ ᠦᠷ᠎ᠡ ᠬᠡᠥᠬᠡᠳ ᠢᠶᠠᠨ ᠶᠠᠮᠠᠷ ᠬᠥᠮᠥᠨ ᠪᠤᠯᠭᠠᠨ ᠬᠥᠮᠥᠵᠢᠬᠦᠯᠥᠨ ᠪᠤᠶᠢᠵᠢᠭᠤᠯᠬᠤ ᠪᠤᠢ ᠬᠡᠳᠡᠭ ᠠᠰᠠᠭᠤᠯᠲᠠ ᠶᠢᠨ ᠬᠠᠷᠢᠭᠤᠯᠲᠠ ᠳᠤ ᠡᠴᠢᠭᠡ ᠡᠬᠡ ᠪᠤᠯᠤᠭᠰᠠᠳ ᠵᠤᠩᠬᠢᠯᠠᠬᠤ ᠬᠠᠷᠢᠴᠠᠯ ᠢ ᠡᠵᠡᠯᠡᠨ᠎ᠡ᠃ ᠦᠬᠡᠷ᠎ᠡ ᠪᠠᠷ ᠬᠡᠯᠡᠪᠡᠯ ᠠᠶᠢᠯ ᠬᠡᠷ ᠤᠨ ᠡᠳᠥᠷ ᠲᠤᠳᠤᠮ ᠤᠨ ᠠᠳᠠᠯ ᠠᠮᠢᠳᠤᠷᠠᠯ᠂ ᠠᠵᠢᠯ ᠬᠦᠳᠡᠯᠮᠥᠷᠢ᠂ ᠥᠬᠡ ᠶᠠᠷᠢᠶ᠎ᠠ᠂ ᠤᠶᠢᠯᠡ ᠬᠦᠳᠡᠯᠤᠯ᠂ ᠵᠠᠩ ᠠᠷᠠᠨᠰᠢᠨ᠂ ᠡᠪ ᠨᠠᠶᠢᠷ᠂ ᠢᠳᠡᠬᠦ ᠤᠤᠭᠤᠬᠤ᠂ ᠡᠮᠥᠰᠴᠤ ᠵᠡᠬᠦᠬᠦ᠂ ᠰᠠᠭᠤᠵᠤ ᠬᠡᠪᠲᠡᠬᠦ ᠮᠡᠲᠥ ᠶᠢᠨ ᠠᠯᠢᠪᠠ ᠪᠦᠬᠦᠨ ᠪᠦᠷ ᠬᠡᠥᠬᠡᠤᠨ ᠢ ᠰᠢᠭᠤᠤᠨ ᠪᠤᠶᠤ ᠳᠠᠮ ᠢᠶᠠᠷ ᠨᠦᠯᠦᠬᠡᠯᠡᠳᠡᠭ᠃ ᠳᠠᠭᠤᠷᠢᠶᠠᠯ ᠤᠨ ᠬᠦᠴᠦᠨ ᠬᠢᠵᠠᠭᠠᠷ ᠥᠬᠡᠢ ᠶᠡᠭᠡ ᠬᠡᠳᠡᠭ ᠢᠶᠠᠷ ᠡᠴᠢᠭᠡ ᠡᠬᠡ ᠪᠤᠯᠤᠭᠰᠠᠳ ᠠᠯᠢᠪᠠ ᠵᠦᠢᠯ ᠬᠡᠥᠬᠡᠤᠨ ᠤᠨ ᠦᠰᠦᠯᠲᠡ ᠪᠤᠶᠢᠵᠢᠯᠲᠠ᠂ ᠰᠤᠷᠭᠠᠨ ᠬᠥᠮᠥᠵᠢᠯ ᠳᠤ ᠦᠯᠦ ᠮᠡᠳᠡᠭ ᠨᠡᠪᠴᠢᠨ ᠤᠷᠤᠳᠠᠭ ᠠᠵᠤᠭᠤ᠃ ᠬᠡᠥᠬᠡᠤᠨ ᠤᠨ ᠦᠰᠦᠯᠲᠡ ᠪᠤᠶᠢᠵᠢᠯᠲᠠ᠂ ᠬᠥᠮᠥᠨ ᠪᠤᠯᠬᠤ ᠪᠦᠬᠦ ᠶᠠᠪᠤᠴᠠ ᠳᠤ ᠡᠬᠡ ᠡᠴᠢᠬᠡ ᠶᠢᠨ ᠨᠦᠯᠦᠬᠡ ᠲᠤᠰᠬᠠᠯ ᠬᠠᠮᠤᠭ ᠤᠨ ᠶᠡᠭᠡ ᠪᠠᠶᠢᠳᠠᠭ ᠴᠦ ᠡᠬᠦᠨ ᠤ ᠲᠤᠳᠤᠷ᠎ᠠ ᠡᠬᠡ ᠬᠥᠮᠥᠨ ᠤ ᠨᠦᠯᠦᠬᠡ ᠲᠤᠰᠬᠠᠯ ᠨᠢ ᠬᠠᠷᠢᠴᠠᠩᠭᠤᠢ ᠪᠠᠷ ᠡᠴᠢᠬᠡ ᠶᠢᠨ ᠨᠦᠯᠦᠬᠡ ᠲᠤᠰᠬᠠᠯ ᠠᠴᠠ ᠶᠡᠭᠡ ᠪᠠᠶᠢᠳᠠᠭ᠃ ᠤᠴᠢᠷ ᠨᠢ ᠡᠬᠡ ᠬᠥᠮᠥᠨ ᠬᠡᠥᠬᠡᠤᠨ ᠢᠶᠠᠨ ᠲᠦᠷᠦᠬᠦ ᠠᠴᠠ ᠡᠬᠢᠯᠡᠬᠡᠤᠨ ᠦᠰᠭᠡᠵᠤ ᠪᠤᠶᠢᠵᠢᠭᠤᠯᠬᠤ ᠬᠥᠨᠳᠥ ᠶᠡᠭᠡ ᠡᠬᠦᠷᠬᠡ ᠬᠠᠷᠢᠭᠤᠴᠠᠯᠭ᠎ᠠ ᠶᠢ ᠡᠬᠦᠷᠬᠡᠯᠡᠵᠤ ᠪᠠᠶᠢᠳᠠᠭ ᠲᠤ ᠤᠷᠤᠰᠢᠨ᠎ᠠ᠃ ᠡᠬᠡ ᠬᠥᠮᠥᠨ ᠤ ᠡᠨᠡ ᠬᠦ ᠠᠴᠢ ᠭᠠᠪᠢᠶ᠎ᠠ ᠶᠢ ᠥᠨᠢᠲᠡ ᠪᠠᠲᠤ ᠴᠡᠬᠡᠵᠢᠯᠡᠬᠦ ᠡᠬᠦᠳᠡᠨ ᠠᠴᠠ ᠬᠥᠮᠥᠨ ᠲᠦᠷᠦᠯᠬᠢᠲᠡᠨ ᠪᠦᠬᠦᠳᠡᠬᠡᠷ ᠢᠶᠠᠨ ᠡᠬᠡ ᠬᠥᠮᠥᠰ ᠢ ᠬᠥᠨᠳᠥᠤᠨᠬᠡᠵᠤ᠂ ᠬᠠᠶᠢᠷᠠᠯᠠᠵᠤ ᠶᠠᠪᠤᠬᠤ ᠴᠢᠬᠤᠯᠠᠲᠡᠢ ᠶᠤᠮ᠃ ᠡᠬᠡ ᠬᠥᠮᠥᠨ ᠡᠩᠬᠦᠷᠡᠢ ᠦᠷ᠎ᠡ ᠪᠠᠨ ᠠᠷᠪᠠᠨ ᠰᠠᠷ᠎ᠠ ᠬᠡᠪᠡᠯᠢ ᠳᠡᠭᠡᠨ ᠲᠡᠭᠡᠭᠡᠵᠤ᠂ ᠠᠯᠢ ᠪᠠᠶᠢᠳᠠᠭ ᠰᠢᠮ᠎ᠡ ᠲᠡᠵᠢᠬᠡᠯ᠂ ᠴᠢᠰᠤ ᠮᠢᠬ᠎ᠠ᠂ ᠬᠥᠴᠥ ᠴᠢᠳᠠᠯ ᠢᠶᠠᠨ ᠥᠷ᠎ᠡ ᠳᠡᠭᠡᠨ ᠶᠡᠬᠦᠯᠡᠵᠤ ᠬᠥᠮᠥᠨ ᠪᠤᠯᠭᠠᠳᠠᠭ᠃ ᠡᠨᠡ ᠲᠤᠬᠠᠢ ᠲᠤᠰᠬᠠᠢ ᠮᠡᠷᠬᠡᠵᠢᠯᠲᠡᠤᠨ ᠤᠨ ᠲᠡᠶᠢᠯᠪᠤᠷᠢᠯᠡᠬᠤ ᠪᠠᠷ᠂ ᠬᠡᠥᠬᠡᠤᠨ ᠡᠬᠡ ᠶᠢᠨ ᠢᠶᠠᠨ ᠬᠡᠪᠡᠯᠢ ᠳᠤ ᠬᠥᠮᠥᠨ ᠪᠤᠯᠵᠤ ᠪᠤᠶᠢᠵᠢᠬᠤ ᠶᠠᠪᠤᠴᠠ ᠳᠠᠭᠠᠨ ᠴᠠᠭ ᠢᠮᠠᠭᠲᠠ ᠡᠬᠡ ᠶᠢᠨ ᠢᠶᠠᠨ ᠳᠠᠭᠤ ᠠᠪᠢᠶ᠎ᠠ᠂ ᠵᠠᠩ ᠠᠷᠠᠨᠰᠢᠨ᠂ ᠬᠦᠳᠡᠯᠥᠯ ᠪᠠᠶᠢᠳᠠᠯ ᠢ ᠨᠢ ᠴᠢᠩᠨᠠᠵᠤ᠂ ᠰᠤᠨᠤᠰᠴᠤ ᠰᠢᠩᠭᠡᠭᠡᠨ ᠠᠪᠳᠠᠭ ᠬᠡᠨ᠎ᠡ᠃ ᠡᠨᠡ ᠨᠢ ᠬᠡᠥᠬᠡᠤᠨ ᠬᠥᠮᠥᠨ ᠪᠤᠯᠵᠤ ᠪᠤᠶᠢᠵᠢᠬᠤ ᠲᠠᠷᠠ ᠴᠠᠭ ᠮᠦᠴᠡ ᠠᠴᠠ ᠡᠬᠢᠯᠡᠵᠤ᠂ ᠡᠬᠡ ᠪᠠᠨ ᠲᠠᠨᠢᠵᠤ᠂ ᠡᠬᠡ ᠶᠢᠨ ᠢᠶᠠᠨ ᠨᠦᠯᠦᠬᠡ ᠲᠤᠰᠬᠠᠯ ᠢ ᠬᠥᠷᠲᠡᠳᠡᠭ ᠬᠡᠰᠡᠨ ᠢ ᠮᠠᠰᠢ ᠲᠤᠳᠤᠷᠬᠠᠢ ᠨᠤᠲᠠᠯᠠᠵᠤ ᠦᠭᠴᠡᠢ᠃ ᠡᠬᠡ ᠬᠥᠮᠥᠨ ᠬᠡᠥᠬᠡᠤᠨ ᠢᠶᠠᠨ ᠲᠦᠷᠦᠭᠰᠡᠨ ᠠᠴᠠ ᠬᠤᠶᠢᠰᠢ ᠴᠦ ᠬᠡᠥᠬᠡᠤᠨ ᠢᠶᠠᠨ ᠪᠤᠶᠢᠵᠢᠭᠤᠯᠵᠤ ᠲᠤᠷᠨᠢᠭᠤᠯᠤᠨ᠎ᠠ ᠬᠡᠵᠤ ᠪᠤᠢ ᠪᠦᠬᠦᠢ ᠤᠭᠤᠷᠠᠭ ᠰᠢᠮ᠎ᠡ᠂ ᠤᠶᠤᠨ ᠤᠬᠠᠭᠠᠨ᠂ ᠬᠥᠴᠥᠨ ᠴᠢᠳᠠᠯ ᠢᠶᠠᠨ ᠰᠢᠪᠬᠠᠵᠤ ᠠᠷᠠᠴᠢᠯᠠᠵᠤ ᠳᠤᠳᠤᠮᠳᠠᠳᠠᠭ᠃ ᠪᠥᠪᠡᠢ ᠶᠢᠨ ᠳᠠᠭᠤᠤ ᠪᠠᠨ ᠠᠶᠠᠯᠠᠨ᠂ ᠬᠦᠬᠦᠨ ᠰᠦ᠋ ᠪᠠᠨ ᠢᠪᠢᠯᠳᠡᠭ᠂ ᠬᠦᠷᠪᠡᠵᠥ ᠤᠷᠪᠠᠭ᠋ᠤ ᠳᠤᠨᠢ ᠤᠨᠠᠬᠤ ᠲᠤᠰᠬᠤ᠂ ᠮᠦᠷᠬᠦᠬᠦ ᠠᠴᠠ ᠠᠶᠤᠵᠤ ᠬᠢᠴᠢᠶᠡᠳᠡᠭ᠂ ᠶᠤᠭᠤᠵᠤ ᠮᠦᠯᠬᠦᠬᠦ ᠥᠶ᠎ᠡ ᠳᠤᠨᠢ ᠭᠠᠷ ᠬᠦᠯ ᠠᠴᠠ ᠨᠢ ᠳᠡᠮᠨᠡᠵᠥ ᠬᠥᠴᠥᠯᠡᠵᠤ ᠵᠣᠷᠢᠭᠵᠢᠭᠤᠯᠳᠠᠭ᠂ ᠲᠡᠨᠲᠦᠷ ᠮᠦᠨᠳᠦᠷ ᠠᠯᠬᠤᠵᠤ ᠰᠤᠷᠬᠤ ᠳᠤᠨᠢ ᠤᠷᠮ᠎ᠠ ᠬᠠᠶᠢᠷᠠᠯᠠᠵᠤ᠂ ᠵᠤᠷᠢᠭ ᠬᠥᠴᠥ ᠦᠭᠴᠥ ᠤᠷᠤᠭᠰᠢ ᠨᠢ ᠬᠦᠲᠥᠯᠳᠡᠭ᠃ ᠡᠨᠡ ᠪᠣᠯ ᠡᠬᠡ ᠬᠥᠮᠥᠨ ᠤ ᠠᠭᠤᠤ ᠶᠡᠭᠡ ᠬᠠᠶᠢᠷ᠎ᠠ᠂ ᠦᠬᠡᠷ᠎ᠡ ᠶᠠᠮᠠᠷ ᠴᠤ ᠶᠠᠭᠤᠮ᠎ᠠ ᠪᠠᠷ ᠤᠷᠤᠯᠠᠭᠳᠠᠰᠢ ᠥᠬᠡᠢ ᠠᠴᠢ ᠢᠪᠡᠬᠡᠯ ᠪᠠᠶᠢᠭ᠎ᠠ ᠶᠤᠮ᠃ ᠬᠡᠥᠬᠡᠤᠨ ᠥᠬᠡ ᠬᠡᠯᠡ ᠰᠤᠷᠴᠤ᠂ ᠬᠦᠯ ᠳᠤ ᠤᠷᠤᠮᠠᠭᠴᠠ ᠡᠬᠡ ᠪᠠᠨ ᠬᠤᠷᠮᠦ᠋ᠢᠳᠡᠵᠤ ᠳᠠᠭᠠᠭᠠᠤᠨ ᠬᠡᠯᠡᠬᠦ ᠥᠬᠡ᠂ ᠬᠢᠬᠦ ᠠᠵᠢᠯ ᠪᠦᠬᠦᠳᠡ ᠶᠢ ᠨᠢ ᠦ ᠰᠡᠪ ᠥᠬᠡᠢ ᠳᠠᠭᠤᠷᠢᠶᠠᠵᠤ ᠬᠥᠢᠴᠡᠤᠨᠬᠡᠳᠡᠭ᠃ ᠳᠡᠬᠡᠷ᠎ᠡ ᠵᠠᠭᠤᠨ ᠤ ᠨᠠᠶᠠᠭᠠᠤᠨ ᠤᠨ ᠤ ᠡᠬᠢᠨ ᠳᠤ ᠨᠢᠬᠡᠨ ᠮᠠᠯᠴᠢᠨ ᠠᠶᠢᠯ ᠳᠤ ᠡᠶᠢᠮᠥ ᠨᠢᠬᠡᠨ ᠥᠯᠢᠬᠡᠷ ᠡᠬᠦᠰᠴᠡᠢ᠄ ᠨᠢᠭᠡᠠ ᠪᠥᠰᠡᠬᠦᠢ 2 ᠨᠠᠰᠤᠲᠠᠢ ᠬᠥᠥ ᠪᠠᠨ ᠬᠦᠬᠦᠭᠦᠯᠥᠬᠡᠤᠨ ᠰᠠᠭᠤᠵᠤ ᠪᠠᠶᠢᠲᠠᠯ᠎ᠠ ᠬᠡᠨᠡᠳᠲᠡ ᠥᠨᠢᠶ᠎ᠡ ᠲᠤᠭᠤᠯ ᠤᠨ ᠮᠦᠬᠡᠷᠡᠯᠳᠥᠬᠦ ᠳᠠᠭᠤᠨ ᠭᠠᠷᠤᠭᠰᠠᠨ ᠳᠤ᠂ ᠪᠦᠰᠡᠭᠦᠢ ᠬᠥᠥ ᠪᠠᠨ ᠲᠥᠯᠬᠢᠵᠥ ᠲᠠᠯᠪᠢᠮᠠᠭᠴᠠ ᠶᠠᠭᠠᠷᠠᠦ ᠰᠠᠨᠳᠤᠷᠤᠤ ᠬᠥᠶᠥᠵᠥ ᠭᠠᠷᠬᠤ ᠳᠠᠭᠠᠨ ᠬᠠᠲᠠᠪᠴᠢᠨ ᠳᠠᠭᠠᠨ ᠪᠦᠳᠥᠷᠢᠵᠤ ᠰᠠᠨᠠᠭᠠᠨ ᠳᠤ ᠥᠬᠡᠢ ︽ᠢᠯᠡᠢ ᠬᠠᠯᠠᠭ︾ ᠬᠡᠮᠡᠨ ᠶᠡᠬᠡᠳᠡ ᠤᠤᠯᠭ᠎ᠠ ᠠᠯᠳᠠᠵᠠᠢ᠃ ᠲᠥᠯᠬᠢᠭᠳᠡᠵᠥ ᠬᠤᠴᠤᠷᠤᠭᠰᠠᠨ ᠬᠥᠥ ᠡᠬᠦᠨ ᠢ ᠨᠢ ᠰᠤᠨᠤᠰᠤᠭᠰᠠᠨ ᠠᠴᠠ ᠬᠤᠶᠢᠰᠢ᠂ ᠶᠠᠭᠤᠮ᠎ᠠ ᠪᠦᠬᠦᠨ ᠳᠤ ︽ᠢᠯᠡᠢ ᠬᠠᠯᠠᠭ︾ ᠬᠡᠳᠡᠭ ᠪᠤᠯᠤᠭᠰᠠᠨ ᠬᠡᠨ᠎ᠡ᠃ ᠬᠡᠨ ᠴᠢᠮ᠎ᠠ ᠳᠤ ᠵᠢᠭᠠᠵᠤ ᠦᠭᠬᠦᠭᠰᠡᠨ ᠶᠤᠮ ᠪᠤᠢ ᠬᠡᠵᠤ ᠠᠰᠠᠭᠤᠭᠰᠠᠨ ᠳᠤ᠂ ᠪᠢ ᠡᠵᠢ ᠠᠴᠠ ᠪᠠᠨ ᠰᠤᠷᠤᠭᠰᠠᠨ ᠬᠡᠵᠤ ᠬᠡᠯᠡᠬᠡᠤᠨ ᠢᠨᠢᠶᠡᠳᠥᠮ ᠱᠤᠭ ᠪᠤᠯᠵᠤ ᠪᠠᠶᠢᠭᠰᠠᠨ ᠭᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号