ᠡᠶᠢᠮᠦ ᠲᠤᠬᠢᠶᠠᠯᠳᠤᠯ ᠬᠠᠶᠠ ᠬᠠᠷᠠᠭᠳᠠᠳᠠᠭ︕ ᠪᠠᠭᠰᠢ ᠠᠬᠠᠮᠠᠳ ᠤᠨ ᠢᠶᠠᠨ ᠢᠳᠡᠭᠡᠯ ᠨᠡᠶᠢᠳᠡᠪᠦᠷᠢ ᠶᠢ | ᠬᠦᠯᠢᠶᠡᠵᠤ ᠬᠢᠴᠢᠶᠡᠯ ᠰᠤᠷᠤᠯᠭ᠎ᠠ ᠳᠠᠭᠠᠨ ᠤᠨᠴᠠ ᠰᠢᠯᠢᠳᠡᠭ ᠪᠠᠶᠢᠬᠰᠠᠨ ᠭᠡᠤᠭᠡᠳ ᠨᠡᠶᠢᠭᠡᠮ ᠲᠡᠭᠡᠷ᠎ᠠ ᠭᠠᠷᠤᠭᠠᠳ | ᠬᠠᠷᠢᠨ ᠬᠢᠭᠰᠡᠨ ᠪᠦᠳᠦᠬᠡᠭᠰᠡᠨ ᠵᠦᠢᠯ ᠦᠭᠡᠢ ᠡᠬᠡᠯ ᠶᠡᠷᠦᠮᠳᠡᠭ ᠢᠶᠠᠷ ᠰᠢᠷ᠎ᠠ ᠡᠳᠦᠷ ᠪᠤᠷᠤ ᠬᠤᠨᠤᠬ ᠢ ᠦᠡᠭᠭᠡᠷᠡᠬᠦᠯᠵᠤ | ᠪᠠᠶᠢᠳᠠᠭ᠃ ᠠᠵᠢᠯ ᠠᠮᠢᠳᠤᠷᠠᠯ ᠤᠨ ᠨᠣᠬᠤᠴᠠᠭᠠᠨ ᠳᠤ ᠵᠠᠷᠢᠮ ᠨᠢ ᠤᠷᠮ᠎ᠠ ᠬᠤᠭᠤᠷᠠᠵᠤ ᠵᠤᠷᠢᠭ ᠬᠠᠷᠢᠵᠤ ᠬᠤᠪᠢ | ᠵᠠᠶᠠᠭᠠᠨ ᠳᠠᠭᠠᠨ ᠭᠤᠮᠤᠷᠬᠠᠵᠤ ᠰᠠᠭᠤᠬᠤ ᠳᠤ᠂ ᠵᠠᠷᠢᠮ ᠨᠢ ᠴᠤ ᠰᠢᠨ᠎ᠠ ᠤᠷᠴᠢᠨ ᠳᠠᠭᠠᠨ ᠵᠤᠬᠢᠴᠠᠵᠤ ᠤᠰᠤᠨ ᠳᠠᠭᠠᠨ | ᠤᠷᠤᠭᠰᠠᠨ ᠵᠢᠭᠠᠰᠤ ᠮᠡᠳᠦ ᠁ ᠡᠨᠡ ᠬᠦ ᠵᠦᠷᠢᠶ᠎ᠡ ᠶᠢ ᠪᠤᠢ ᠪᠤᠯᠭᠠᠬᠰᠠᠨ ᠤᠴᠢᠷ ᠰᠢᠯᠳᠠᠭᠠᠨ ᠢ ᠶᠠᠷᠢᠪᠠᠯ᠂ | ᠡᠨᠡ ᠨᠢ ᠬᠤᠪᠢ ᠬᠦᠮᠦᠨ ᠤ ︽ᠬᠠᠷᠢᠴᠠᠬᠤᠢ ᠴᠢᠳᠠᠪᠤᠷᠢ︾ ᠶᠢᠨ ᠬᠢᠵᠠᠭᠠᠷᠳᠠᠮᠠᠯ ᠠᠴᠠ ᠪᠤᠯᠤᠬᠰᠠᠨ ᠭᠡᠵᠤ ᠪᠢ | ᠬᠤᠪᠢᠨ ᠳᠠᠭᠠᠨ ᠪᠤᠳᠤᠳᠠᠭ᠃ ᠭᠡᠷᠪᠡ ᠤᠢ ᠪᠢᠯᠢᠭ ᠢ ᠲᠦᠷᠦᠯᠬᠢ ᠭᠡᠵᠤ ᠦᠵᠡᠪᠡᠯ᠂ ᠬᠠᠷᠢᠴᠠᠬᠤᠢ ᠴᠢᠳᠠᠪᠤᠷᠢ ᠪᠤᠯ | ᠦᠰᠴᠤ ᠲᠦᠷᠦᠭᠰᠡᠨ ᠤᠷᠴᠢᠨ ᠠᠬᠤᠢ ᠦᠡᠭᠭᠡᠷᠡᠬᠦᠯᠵᠤ ᠲᠤᠭᠤᠯᠤᠬᠰᠠᠨ ᠵᠠᠮ ᠮᠦᠷ ᠤᠨ ᠲᠤᠮᠳᠠ ᠠᠭᠠᠵᠢᠮ ᠢᠶᠠᠷ | ᠲᠦᠯᠦᠪᠰᠢᠨ ᠲᠤᠬᠳᠠᠳᠠᠬ ᠪᠢᠯᠡ᠃ ᠬᠠᠷᠢᠴᠠᠬᠤᠢ ᠴᠢᠳᠠᠪᠤᠷᠢ ᠨᠢ ᠦᠭᠡᠷ᠎ᠡ ᠪᠤᠰᠤᠳ ᠢ ᠲᠠᠨᠢᠨ ᠮᠡᠳᠡᠷᠡᠬᠦ᠂ ᠭᠡᠷᠡᠭ | ᠪᠤᠳᠠᠰ ᠤᠨ ᠬᠦᠭᠵᠢᠯᠳᠡ ᠶᠢᠨ ᠵᠢᠮ᠎ᠠ ᠶᠤᠰᠤ ᠶᠢ ᠤᠶᠢᠯᠠᠭᠠᠨ ᠡᠵᠡᠮᠰᠢᠵᠤ᠂ ᠦᠪᠡᠷ ᠢ ᠪᠠᠨ ᠴᠠᠬ ᠲᠤᠬᠠᠢ ᠳᠤᠨᠢ | ᠲᠤᠬᠢᠷᠠᠭᠤᠯᠤᠨ ᠵᠤᠬᠢᠴᠠᠭᠤᠯᠬᠤ ᠲᠠᠯ᠎ᠠ ᠪᠠᠷ ᠢᠯᠡᠷᠡᠳᠡᠭ᠃ ᠡᠶᠢᠮᠦ ᠠᠴᠠ ᠵᠠᠷᠢᠮ ᠪᠠᠶᠢᠳᠠᠯ ᠳᠤ ᠬᠢᠴᠢᠶᠡᠯ | ᠰᠤᠷᠤᠯᠭ᠎ᠠ ᠳᠠᠭᠠᠨ ᠤᠷᠦ᠋ᠢᠯᠠᠵᠤ ᠪᠠᠶᠢᠬᠰᠠᠨ ᠭᠡᠤᠭᠡᠳ ᠠᠵᠢᠯ ᠠᠮᠢᠳᠤᠷᠠᠯ ᠳᠠᠭᠠᠨ ᠪᠦᠳᠦᠮᠵᠢ ᠮᠠᠭᠤᠳᠠᠢ ᠪᠤᠯᠬᠤ ᠨᠢ | ᠤᠢ ᠪᠢᠯᠢᠭ ᠤᠯᠠᠨ ᠠᠴᠠ ᠬᠡᠳᠦ᠋ᠢᠳᠦᠭᠰᠡᠨ ᠪᠤᠯᠪᠠᠴᠤ ᠬᠦᠮᠦᠰ ᠤᠨ ᠬᠤᠭᠤᠷᠤᠨᠳᠤᠬᠢ ᠬᠠᠷᠢᠯᠴᠠᠭᠠᠨ ᠳᠤ ᠲᠤᠯᠢᠮᠠᠭ | ᠪᠠᠶᠢᠵᠤ᠂ ︽ᠬᠦᠮᠦᠨ ᠬᠦᠮᠦᠨ ᠤ ᠬᠦᠴᠦᠨ ᠳᠤ᠂ ᠵᠢᠭᠠᠰᠤ ᠤᠰᠤᠨ ᠤ ᠬᠦᠴᠦᠨ ᠳᠤ︾ ᠭᠡᠳᠡᠭ ᠢ ᠤᠮᠳᠤᠭᠠᠶᠢᠯᠠᠵᠤ᠂ | ᠵᠦᠪᠭᠡᠨ ᠴᠢᠳᠠᠯ ᠴᠢᠳᠠᠪᠬᠢ ᠳᠠᠭᠠᠨ ᠬᠡᠳᠦ ᠢᠳᠡᠭᠡᠵᠦ᠂ ᠴᠢᠨᠠᠬᠰᠢᠯᠠᠭᠠᠳ ᠬᠠᠷᠢᠴᠠᠬᠤᠢ ᠴᠢᠳᠠᠪᠤᠷᠢ ᠠᠨᠠᠢ ᠠᠴᠠ | ᠪᠤᠯᠵᠤ ᠵᠢᠵᠢᠭᠭᠡᠨ ᠰᠡᠳᠦᠯᠳᠡ ᠠᠴᠠ ᠪᠤᠯᠵᠤ ᠬᠡᠳᠦᠷᠡᠮᠡᠬᠡᠢ ᠦᠢᠯᠡ ᠶᠠᠪᠤᠳᠡᠯ ᠬᠢᠳᠡᠭ ᠴᠦ ᠪᠤᠢ᠃ ᠤᠳᠤᠬᠠᠨ ᠳᠤ | ᠬᠠᠷᠢᠯᠴᠠᠭᠠᠨ ᠤ ᠲᠦᠭᠰᠢᠬᠦᠷᠢ ᠲᠠᠢ ᠬᠦᠮᠦᠨ ᠤᠯᠠᠰᠢᠷᠠᠵᠤ᠂ ᠡᠳᠡᠬᠡᠷ ᠬᠦᠮᠦᠰ ᠭᠡᠷ ᠤᠨ ᠮᠤᠬᠤᠷ ᠲᠠᠭᠠᠨ | ᠬᠤᠷᠭᠤᠳᠠᠵᠤ᠂ ᠨᠡᠶᠢᠭᠡᠮ ᠤᠨ ᠬᠠᠷᠢᠯᠴᠠᠭᠠᠨ ᠠᠴᠠ ᠵᠢᠷᠦᠬᠡᠰᠢᠶᠡᠨ ᠵᠠᠶᠢᠳᠠᠳᠠᠭ ᠲᠤᠯᠠ ᠠᠮᠢᠳᠤᠷᠠᠯ ᠨᠢ ᠲᠠᠩ ᠴᠤᠯᠭᠤᠢ | ᠤᠳᠬ᠎ᠠ ᠠᠭᠤᠯᠭ᠎ᠠ ᠦᠬᠡᠢ ᠪᠤᠯᠳᠠᠭ᠃ ᠬᠦᠮᠦᠰ ᠤᠨ ᠦᠭᠡ ᠶᠠᠷᠢᠶ᠎ᠠ᠂ ᠦᠢᠯᠡ ᠠᠵᠢᠯᠯᠠᠭ᠎ᠠ᠂ ᠶᠠᠪᠤᠯᠴᠠᠭ᠎ᠠ | ᠬᠠᠷᠢᠯᠴᠠᠭ᠎ᠠ ᠶᠢᠨ ᠠᠯᠢ ᠨᠢ ᠴᠤ ᠬᠡᠰᠡᠨ ᠤᠶᠤᠨ ᠮᠡᠳᠡᠷᠡᠮᠵᠢ ᠳᠤ ᠰᠠᠭᠤᠷᠢᠯᠠᠨ ᠬᠠᠷᠢᠴᠠᠬᠤᠢ ᠴᠢᠳᠠᠪᠤᠷᠢ ᠪᠠᠷ ᠲᠡᠮᠵᠢᠨ | ᠪᠡᠶᠡᠯᠡᠭᠳᠡᠳᠡᠭ ᠠᠴᠠ ᠡᠳᠡᠭᠡᠷ ᠬᠦᠮᠦᠰ ᠰᠡᠳᠬᠢᠯ ᠤᠨ ᠰᠠᠭᠠᠳ ᠢᠶᠠᠨ ᠲᠠᠪᠠᠵᠤ ᠴᠢᠳᠠᠪᠠᠯ ᠠᠮᠵᠢᠯᠳᠠ ᠶᠢᠨ ᠠᠯᠳᠠᠨ | ᠲᠦᠷᠦᠭᠡ ᠠᠴᠠ ᠤᠶᠢᠷᠠᠬᠠᠨ ᠪᠤᠯᠵᠤ ᠴᠢᠳᠠᠬᠤ ᠶᠤᠮ ᠡ᠃ ᠬᠠᠷᠸᠠᠷᠳ᠋ ᠶᠡᠭᠡ ᠰᠤᠷᠭᠠᠭᠤᠯᠢ ᠶᠢᠨ ᠨᠢᠬᠡᠨ | ᠪᠠᠶᠢᠴᠠᠭᠠᠯᠳᠠ ᠳᠤ᠂ ᠠᠮᠵᠢᠯᠳᠠ ᠪᠦᠲᠦᠮᠵᠢ ᠤᠯᠬᠤ ᠪᠠ ᠵᠡᠷᠭᠡ ᠵᠢᠩᠰᠡ ᠨᠡᠮᠡᠭᠳᠡᠬᠦ ᠳᠤ 85% ᠨᠢ ᠬᠦᠮᠦᠰ ᠤᠨ | ᠵᠦᠪ ᠤᠷᠮ᠎ᠠ ᠰᠡᠳᠬᠢᠯᠬᠡ᠂ ᠲᠠᠷᠤᠢ ᠬᠠᠷᠢᠴᠠᠬᠤᠢ ᠴᠢᠳᠠᠪᠤᠷᠢ ᠠᠴᠠ ᠪᠤᠯᠵᠤ᠂ 15% ᠨᠢ ᠰᠠᠶ᠋ᠢ ᠲᠤᠰᠬᠠᠢ | ᠮᠡᠷᠭᠡᠵᠢᠯ ᠤᠨ ᠴᠢᠳᠠᠪᠤᠷᠢ ᠠᠴᠠ ᠪᠤᠯᠤᠭᠰᠠᠨ ᠭᠡᠳᠡᠭ ᠢ ᠢᠯᠡᠷᠡᠬᠦᠯᠪᠡ᠂ ᠡᠨᠡ ᠨᠢ ᠬᠦᠮᠦᠰ ᠤᠨ ᠬᠠᠷᠢᠴᠠᠬᠤᠢ | ᠴᠢᠳᠠᠪᠤᠷᠢ ᠨᠢ ᠲᠡᠬᠦᠨ ᠤ ᠨᠡᠶᠢᠬᠡᠮ ᠲᠠᠢ ᠵᠤᠬᠢᠴᠠᠨ ᠠᠮᠵᠢᠯᠳᠠ ᠤᠯᠬᠤ ᠳᠤ ᠴᠢᠬᠤᠯᠠ ᠪᠠᠳᠤᠯᠠᠭ᠎ᠠ ᠪᠤᠯᠬᠤ ᠶᠢ | ᠬᠠᠷᠠᠭᠤᠯᠵᠤ ᠪᠤᠢ᠃ ᠡᠳᠦᠷ ᠲᠤᠳᠤᠮ ᠤᠨ ᠠᠮᠢᠳᠤᠷᠠᠯ ᠲᠤᠮᠳᠠ ᠠᠬᠠᠮᠠᠳ ᠲᠤᠮᠤᠭᠠᠳᠠᠨ᠂ ᠠᠶᠢᠯ ᠰᠠᠭᠠᠬᠠᠯᠳᠠ᠂ | ᠠᠵᠢᠯ ᠨᠢᠭᠡᠳᠡᠨ᠂ ᠨᠠᠶᠢᠵᠠ ᠨᠦᠬᠦᠳ ᠨᠢ ᠬᠡᠨ ᠨᠢᠬᠡᠨ ᠢ ︽ᠤᠬᠠᠭᠠᠯᠢᠭ ᠬᠦᠮᠦᠨ︾ ᠭᠡᠬᠦ ᠦᠨᠳᠦᠷ ᠦᠨᠡᠯᠡᠯᠳᠡ | ᠦᠭᠭᠦ ᠦᠶᠡᠰ ᠬᠦᠮᠦᠰ ᠶᠡᠬᠡᠳᠡ ᠪᠠᠶᠠᠰᠳᠠᠭ᠃ ᠡᠨᠡ ᠨᠢ ︽ᠤᠬᠠᠭᠠᠯᠢᠭ ᠬᠦᠮᠦᠨ︾ ᠤ ᠬᠠᠷᠢᠴᠠᠬᠤᠢ ᠴᠢᠳᠠᠪᠤᠷᠢ ᠳᠤ | ᠦᠭᠬᠦᠭᠰᠡᠨ ᠦᠨᠡᠯᠡᠯᠳᠡ ᠪᠤᠯᠬᠤ ᠨᠢ ᠲᠠᠮᠵᠢᠭ ᠦᠬᠡᠢ᠃ ᠡᠬᠦᠨ ᠳᠤ ᠪᠢᠳᠡ ᠬᠠᠷᠢᠴᠠᠬᠤᠢ ᠴᠢᠳᠠᠪᠤᠷᠢ ᠶᠢ ᠵᠦᠪᠬᠡᠨ | ᠬᠦᠮᠦᠨ ᠬᠦᠮᠦᠨ ᠤ ᠬᠤᠭᠤᠷᠤᠨᠳᠤᠬᠢ ᠡᠪ ᠲᠠᠢ ᠬᠠᠷᠢᠯᠴᠠᠬᠤ ᠴᠢᠳᠠᠪᠤᠷᠢ ᠪᠠᠷ ᠦᠵᠡᠬᠦ ᠠᠴᠠ ᠪᠢᠰᠢ ᠬᠠᠷᠢᠨ | ᠪᠢᠯᠳᠠᠦᠴᠢᠯᠠᠬᠤ᠂ ᠡᠷᠬᠦᠨ ᠮᠠᠭᠳᠠᠬᠤ᠂ ᠬᠠᠭᠤᠷᠮᠠᠭ ᠠᠭᠠᠰᠢᠯᠠᠬᠤ ᠬᠡᠮᠡᠨ ᠢᠪᠴᠤᠤ ᠤᠳᠬ᠎ᠠ ᠠᠴᠠ ᠤᠶᠢᠯᠠᠭᠠᠵᠤ | ᠪᠤᠯᠬᠤ ᠦᠬᠡᠢ᠃ ᠬᠠᠷᠢᠴᠠᠬᠤᠢ ᠴᠢᠳᠠᠪᠤᠷᠢ ᠨᠢ ᠨᠢᠬᠡ ᠵᠦᠢᠯ ᠤᠨ ᠤᠶᠤᠨ ᠰᠠᠨᠠᠭᠠᠨ ᠤ ᠬᠦᠴᠦᠨ᠂ ᠨᠢᠬᠡ ᠵᠦᠢᠯ ᠤᠨ | ᠵᠠᠩ ᠠᠭᠠᠰᠢ ᠶᠢᠨ ᠬᠡᠪ ᠴᠢᠨᠠᠷ ᠪᠤᠯᠬᠤᠷ ᠵᠠᠪᠠᠯ ᠵᠦᠪ ᠲᠠᠯ᠎ᠠ ᠠᠴᠠ ᠤᠶᠢᠯᠠᠭᠠᠬᠤ ᠬᠡᠷᠡᠭᠳᠡᠢ᠃ ᠬᠦᠮᠦᠨ ᠡᠨᠡ | ᠶᠢᠷᠳᠢᠨᠴᠦ ᠳᠤ ᠭᠤᠤᠨᠢ ᠪᠡᠶ᠎ᠠ ᠭᠤᠵᠤᠩ ᠲᠤᠯᠤᠭᠠᠢ ᠪᠠᠷ ᠠᠮᠢᠳᠤᠷᠠᠨ ᠤᠷᠤᠰᠢᠬᠤ ᠪᠢᠰᠢ᠂ ᠬᠠᠷᠢᠨ ᠤᠯᠠᠭᠤᠯᠠ | ᠨᠡᠶᠢᠯᠡᠵᠤ᠂ ᠨᠡᠶᠢᠳᠡ ᠪᠠᠷ ᠤᠷᠤᠰᠢᠬᠤ ᠵᠠᠩ ᠵᠢᠷᠦᠮ ᠲᠠᠢ ᠪᠤᠯᠬᠤᠷ ᠦᠪᠡᠷ ᠤᠨ ᠬᠠᠷᠢᠴᠠᠬᠤᠢ ᠴᠢᠳᠠᠪᠤᠷᠢ ᠪᠠᠨ | ᠲᠡᠭᠡᠭᠰᠢᠯᠡᠬᠦᠯᠵᠤ᠂ ᠦᠭᠬᠢᠶᠡᠮᠦᠷ ᠪᠤᠳᠤᠯ ᠲᠠᠢ᠂ ᠦᠷᠦᠭᠡᠯ ᠳᠤ ᠲᠤᠰᠠᠷᠬᠠᠭ᠂ ᠦᠨᠡᠨᠴᠢ ᠢᠳᠡᠭᠡᠮᠵᠢᠳᠡᠢ ᠶᠠᠪᠤᠪᠠᠯ | ᠵᠤᠬᠢᠨ᠎ᠠ᠃ |