ᠣᠯᠠᠨ ᠢᠶᠠᠷ ᠢᠶᠠᠨ ᠵᠢᠮᠢᠰ ᠨᠣᠭᠤᠭ᠎ᠠ ᠤᠬᠢᠶᠠᠬᠤ ᠮᠠᠰᠢᠨ ᠠᠪᠴᠤ ᠪᠠᠶᠢᠭ᠎ᠠ ᠨᠢ ᠲᠠᠷᠢᠶᠠᠨ ᠡᠮ ᠤᠨ ᠦᠯᠡᠳᠡᠭᠳᠡᠯ ᠢ | ᠰᠡᠷᠭᠡᠶᠢᠯᠡᠵᠦ ᠪᠠᠶᠢᠭ᠎ᠠ ᠶᠠᠪᠤᠳᠠᠯ ᠶᠤᠮ᠃ ᠭᠡᠪᠡᠴᠦ ᠡᠳᠦᠷ ᠲᠤᠲᠤᠮ ᠤᠨ ᠠᠮᠢᠳᠤᠷᠠᠯ ᠳᠤᠮᠳᠠ᠂ ᠪᠢᠳᠡᠨ ᠤ ᠵᠢᠩᠬᠢᠨᠢ | ᠳᠡᠯᠭᠡᠭᠦᠷ ᠠᠴᠠ ᠬᠤᠳᠠᠯᠳᠤᠨ ᠠᠪᠤᠭᠰᠠᠨ ᠣᠯᠠᠩᠬᠢ ᠢᠳᠡᠰᠢᠨ ᠨᠣᠭᠤᠭ᠎ᠠ ᠶᠢᠨ ᠲᠠᠷᠢᠶᠠᠨ ᠡᠮ ᠤᠨ ᠦᠯᠡᠳᠡᠭᠳᠡᠯ ᠨᠢ | ᠪᠦᠷ ᠲᠣᠭᠲᠠᠭᠰᠠᠨ ᠬᠡᠪᠴᠢᠶᠡᠨ ᠳᠤ ᠪᠠᠶᠢᠳᠠᠭ᠃ ᠲᠡᠶᠢᠮᠦ ᠮᠥᠷᠲᠡᠭᠡᠨ ᠵᠢᠮᠢᠰ ᠨᠣᠭᠤᠭ᠎ᠠ ᠤᠬᠢᠶᠠᠬᠤ ᠮᠠᠰᠢᠨ ᠢ | ᠬᠡᠷᠡᠭᠯᠡᠬᠦ ᠦᠭᠡᠢ ᠪᠠᠷ ᠪᠤᠳᠤᠬᠤ ᠳᠤ᠂ ᠡᠳᠦᠷ ᠲᠤᠲᠤᠮ ᠤᠨ ᠮᠠᠰᠢ ᠣᠯᠠᠨ ᠠᠷᠭ᠎ᠠ ᠨᠢ ᠲᠠᠷᠢᠶᠠᠨ ᠡᠮ ᠤᠨ | ᠦᠯᠡᠳᠡᠭᠳᠡᠯ ᠢ ᠪᠦᠲᠦᠮᠵᠢᠲᠡᠶ ᠠᠷᠢᠯᠭᠠᠵᠤ ᠴᠢᠳᠠᠨ᠎ᠠ᠂ ᠡᠭᠦᠨ ᠳᠤ ᠳᠣᠣᠷᠠᠬᠢ ᠮᠡᠲᠦ ᠠᠷᠭ᠎ᠠ ᠶᠢ ᠲᠠᠨᠢᠯᠴᠠᠭᠤᠯᠤᠶ᠎ᠠ᠄ | ᠴᠡᠪᠡᠷ ᠤᠰᠤᠨ ᠳᠤ ᠳᠡᠪᠲᠦᠭᠡᠬᠦ᠃ ᠨᠣᠭᠤᠭ᠎ᠠ ᠪᠠᠨ ᠬᠠᠭᠤᠷᠬᠤ ᠠᠴᠠ ᠡᠮᠦᠨ᠎ᠡ 20℃~25℃ ᠤᠨ ᠴᠡᠪᠡᠷ | ᠤᠰᠤᠨ ᠳᠤ 10 ᠮᠢᠨᠦ᠋ᠲ ᠳᠡᠪᠲᠦᠭᠡᠵᠦ᠂ ᠲᠠᠷᠠᠭ᠎ᠠ ᠨᠢ ᠴᠡᠪᠡᠷ ᠤᠰᠤ ᠪᠠᠷ 30 ᠰᠧᠺᠦ᠋ᠨ᠋ᠳ᠋ ᠤᠬᠢᠶᠠᠨ᠎ᠠ᠃ ᠪᠤᠳᠠᠭ᠎ᠠ | ᠤᠬᠢᠶᠠᠭᠰᠠᠨ ᠤᠰᠤᠨ ᠳᠤ ᠳᠡᠪᠲᠦᠭᠡᠬᠦ᠃ ᠨᠣᠭᠤᠭ᠎ᠠ ᠪᠠᠨ ᠪᠤᠳᠠᠭ᠎ᠠ ᠤᠬᠢᠶᠠᠭᠰᠠᠨ ᠤᠰᠤ ᠪᠠᠷ 5 ~ 10 ᠮᠢᠨᠦ᠋ᠲ | ᠳᠡᠪᠲᠦᠭᠡᠵᠦ᠂ ᠳᠠᠬᠢᠨ ᠴᠡᠪᠡᠷ ᠤᠰᠤ ᠪᠠᠷ 30 ᠰᠧᠺᠦ᠋ᠨ᠋ᠳ᠋ ᠤᠬᠢᠶᠠᠨ᠎ᠠ᠃ ᠳᠠᠪᠤᠰᠤ ᠲᠠᠢ ᠤᠰᠤᠨ ᠳᠤ ᠳᠡᠪᠲᠦᠭᠡᠬᠦ᠃ | ᠨᠣᠭᠤᠭ᠎ᠠ ᠪᠠᠨ 1 % ᠶᠢᠨ ᠳᠠᠪᠤᠰᠤ ᠲᠠᠢ ᠤᠰᠤ ᠪᠠᠷ ᠳᠡᠪᠲᠦᠭᠡᠵᠦ 20 ᠮᠢᠨᠦ᠋ᠲ ᠤᠨ ᠳᠠᠷᠠᠭ᠎ᠠ ᠤᠬᠢᠶᠠᠨ᠎ᠠ᠃ | ᠳᠠᠪᠤᠰᠤᠨ ᠤ ᠥᠳᠬᠡᠴᠡ ᠶᠢ ᠬᠡᠲᠦᠷᠬᠡᠢ ᠶᠡᠭᠡ ᠪᠠᠶᠢᠯᠭᠠᠵᠤ ᠪᠣᠯᠬᠤ ᠦᠭᠡᠢ᠃ ᠪᠤᠴᠠᠯᠤᠭᠰᠠᠨ ᠤᠰᠤᠨ ᠳᠤ ᠳᠡᠪᠲᠦᠭᠡᠬᠦ | ᠃ ᠨᠣᠭᠤᠭ᠎ᠠ ᠪᠠᠨ ᠪᠤᠴᠠᠯᠤᠭᠰᠠᠨ ᠣᠰᠣᠨ ᠳᠤ 2 ᠮᠢᠨᠦ᠋ᠲ ᠳᠡᠪᠲᠦᠭᠡᠨ᠎ᠡ᠃ ᠭᠡᠪᠡᠴᠦ ᠡᠶᠢᠮᠦ ᠠᠷᠭ᠎ᠠ ᠨᠢ ᠢᠳᠡᠰᠢᠨ | ᠨᠣᠭᠤᠭ᠎ᠠ ᠶᠢᠨ ᠬᠡᠰᠡᠭ ᠰᠢᠮ᠎ᠡ ᠲᠡᠵᠢᠭᠡᠯ ᠢ ᠠᠯᠳᠠᠭᠳᠠᠭᠤᠯᠤᠨ᠎ᠠ᠃ ᠳᠡᠭᠡᠷᠡᠬᠢ ᠠᠷᠭ᠎ᠠ ᠠᠴᠠ ᠭᠠᠳᠠᠨ᠎ᠠ᠂ ᠪᠠᠰᠠ | ᠤᠷᠤᠰᠬᠠᠯ ᠤᠰᠤ ᠪᠠᠷ ᠱᠦᠷᠭᠦᠭᠡᠵᠦ ᠤᠬᠢᠶᠠᠬᠤ᠂ ᠬᠠᠯᠢᠰᠤ ᠶᠢ ᠨᠢ ᠠᠷᠢᠯᠭᠠᠬᠤ᠂ 24 ᠴᠠᠭ ᠲᠠᠯᠪᠢᠬᠤ ᠵᠡᠷᠭᠡ | ᠠᠷᠭ᠎ᠠ ᠶᠢ ᠠᠪᠴᠤ ᠪᠣᠯᠣᠨ᠎ᠠ᠂ ᠡᠨᠡ ᠨᠢ ᠨᠣᠭᠤᠭᠠᠨ ᠤ ᠳᠣᠲᠣᠷᠠᠬᠢ ᠲᠠᠷᠢᠶᠠᠨ ᠡᠮ ᠤᠨ ᠦᠯᠡᠳᠡᠭᠳᠡᠯ ᠢ | ᠠᠷᠢᠯᠭᠠᠬᠤ ᠳᠤ ᠪᠠᠰᠠ ᠨᠡᠯᠢᠶᠡᠳ ᠰᠠᠶᠢᠨ ᠦᠢᠯᠡᠳᠦᠯ ᠲᠠᠢ ᠶᠤᠮ᠃ |