1. ᠬᠠᠴᠢᠭ ᠡᠪᠡᠳᠴᠢᠨ ᠬᠠᠮᠠᠭᠤ ᠶᠢᠨ ᠬᠠᠴᠢᠭ ᠪᠠ ᠠᠲᠤᠯᠵᠠᠭᠤᠷ ᠬᠠᠴᠢᠭ ᠪᠣᠯ ᠦᠬᠡᠷ ᠬᠤᠨᠢᠨ ᠤ ᠪᠡᠶ᠎ᠡ ᠳᠤ | ᠦᠷᠭᠦᠯᠵᠢ ᠬᠠᠷᠠᠭᠳᠠᠳᠠᠭ ᠬᠤᠶᠠᠷ ᠵᠦᠢᠯ ᠤᠨ ᠬᠤᠣᠷᠲᠤ ᠬᠠᠴᠢᠭ ᠪᠣᠯᠣᠨ᠎ᠠ᠃ ᠡᠭᠦᠨ ᠳᠤ ᠬᠠᠮᠠᠭᠤ ᠶᠢᠨ ᠬᠠᠴᠢᠭ ᠨᠢ | ᠭᠤᠣᠯᠳᠠᠭᠤ ᠬᠠᠮᠠᠭᠤ ᠶᠢᠨ ᠡᠪᠡᠳᠴᠢᠨ ᠢ ᠡᠭᠦᠰᠬᠡᠵᠦ᠂ ᠲᠣᠰ ᠡᠪᠡᠳᠴᠢᠨ ᠨᠢ ᠰᠢᠭᠤᠳ ᠬᠦᠷᠦᠯᠴᠡᠬᠦ ᠪᠠᠷ ᠳᠡᠮᠵᠢᠨ | ᠲᠠᠷᠬᠠᠳᠠᠭ᠂ ᠬᠦᠨᠳᠦ ᠨᠣᠴᠢᠲᠠᠢ ᠦᠶ᠎ᠡ ᠳᠤ ᠦᠬᠡᠷ ᠬᠤᠨᠢᠨ ᠤ ᠠᠷᠠᠰᠤ ᠨᠢ ᠦᠷᠪᠢᠰᠬᠦ᠂ ᠦᠰᠦ ᠭᠤᠤᠵᠢᠬᠤ᠂ | ᠲᠠᠪᠬᠠᠭᠠᠰᠤᠯᠠᠬᠤ ᠪᠠ ᠵᠠᠭᠠᠲᠤᠨᠠᠵᠤ᠂ ᠦᠬᠡᠷ ᠬᠤᠨᠢᠨ ᠤ ᠥᠰᠦᠯᠲᠡ ᠪᠤᠶᠢᠵᠢᠯᠲᠠ ᠪᠠ ᠦᠢᠯᠡᠳᠪᠦᠷᠢᠯᠡᠯ ᠤᠨ | ᠴᠢᠳᠠᠪᠤᠷᠢ ᠶᠢ ᠬᠦᠨᠳᠦ ᠨᠣᠴᠢᠲᠠᠢ ᠨᠥᠯᠥᠭᠡᠯᠡᠳᠡᠭ︔ ᠠᠲᠤᠯᠵᠠᠭᠤᠷ ᠬᠠᠴᠢᠭ ᠨᠢ ᠭᠤᠣᠯᠳᠠᠭᠤ ᠠᠲᠤᠯᠵᠠᠭᠤᠷ | ᠬᠠᠴᠢᠭ ᠤᠨ ᠡᠪᠡᠳᠴᠢᠨ ᠢ ᠡᠭᠦᠰᠬᠡᠳᠡᠭ᠂ ᠡᠨᠡ ᠬᠦ ᠡᠪᠡᠳᠴᠢᠨ ᠤ ᠲᠠᠷᠬᠠᠬᠤ ᠬᠤᠷᠳᠤᠴᠠ ᠨᠢ ᠤᠳᠠᠭᠠᠨ ᠪᠣᠯᠪᠠᠴᠤ | ᠮᠥᠨ ᠠᠳᠠᠯᠢᠬᠠᠨ ᠢᠶᠠᠷ ᠦᠬᠡᠷ ᠬᠤᠨᠢᠨ ᠤ ᠠᠷᠠᠰᠤ ᠨᠢ ᠤᠯᠠᠶᠢᠬᠤ᠂ ᠵᠠᠭᠠᠲᠤᠨᠠᠬᠤ ᠵᠢᠴᠢ ᠦᠰᠦ ᠨᠢ ᠰᠢᠩᠭᠡᠨ ᠪᠣᠯᠬᠤ | ᠵᠡᠷᠭᠡ ᠡᠪᠡᠳᠴᠢᠨ ᠤ ᠢᠯᠡᠷᠡᠯ ᠢ ᠡᠭᠦᠰᠬᠡᠳᠡᠭ᠃ ᠬᠠᠴᠢᠭ ᠡᠪᠡᠳᠴᠢᠨ ᠨᠢ ᠦᠬᠡᠷ ᠬᠤᠨᠢ ᠶᠢ ᠲᠡᠵᠢᠭᠡᠨ ᠦᠷᠡᠵᠢᠭᠦᠯᠬᠦ | ᠶᠠᠪᠤᠴᠠ ᠳᠤ ᠵᠢᠯ ᠤᠨ ᠳᠥᠷᠪᠡᠨ ᠤᠯᠠᠷᠢᠯ ᠳᠤ ᠪᠦᠷ ᠡᠭᠦᠰᠴᠦ ᠮᠡᠳᠡᠨ᠎ᠡ᠂ ᠣᠨᠴᠠᠭᠠᠶᠢᠯᠠᠨ ᠠᠭᠤᠷ ᠠᠮᠢᠰᠬᠤᠯ | ᠴᠢᠭᠢᠭᠯᠢᠭ ᠪᠠ ᠡᠷᠡᠭᠦᠯ ᠬᠠᠮᠠᠭᠠᠯᠠᠯ ᠤᠨ ᠨᠥᠬᠦᠴᠡᠯ ᠪᠠᠷᠤᠭᠲᠠᠢ ᠪᠠᠶᠢᠳᠠᠯ ᠳᠣᠣᠷ᠎ᠠ ᠡᠭᠦᠰᠳᠡᠭ᠃ ᠬᠠᠮᠠᠭᠤ ᠶᠢᠨ ᠬᠠᠴᠢᠭ | ᠪᠠ ᠠᠲᠤᠯᠵᠠᠭᠤᠷ ᠬᠠᠴᠢᠭ ᠨᠢ ᠣᠷᠴᠢᠨ ᠲᠣᠭᠤᠷᠢᠨ ᠳᠤ ᠬᠡᠰᠡᠭ ᠬᠤᠭᠤᠴᠠᠭ᠎ᠠ ᠠᠮᠢᠳᠤᠷᠠᠵᠤ ᠲᠠᠶᠢᠯᠤᠨ᠎ᠠ᠂ ᠡᠨᠡ ᠨᠢ | ᠲᠡᠳᠡᠨ ᠤ ᠲᠡᠵᠢᠭᠡᠨ ᠦᠷᠡᠵᠢᠭᠦᠯᠬᠦ ᠲᠠᠯᠠᠪᠠᠶ ᠳᠤ ᠮᠠᠰᠢ ᠲᠦᠷᠭᠡᠨ ᠢᠶᠠᠷ ᠲᠠᠷᠬᠠᠵᠤ ᠳᠡᠶᠢᠯᠳᠡᠭ ᠤᠨ ᠨᠢᠭᠡ ᠰᠢᠯᠲᠠᠭᠠᠨ | ᠪᠣᠯᠤᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠲᠡᠵᠢᠭᠡᠨ ᠦᠷᠡᠵᠢᠭᠦᠯᠬᠦ ᠶᠠᠪᠤᠴᠠ ᠳᠤ᠂ ᠪᠠᠭ᠎ᠠ ᠨᠠᠰᠤᠨ ᠤ ᠪᠠ | ᠰᠢᠮ᠎ᠡ ᠲᠡᠵᠢᠭᠡᠯ ᠮᠠᠭᠤ ᠪᠠᠶᠢᠳᠠᠯ ᠳᠤ ᠪᠠᠶᠢᠭ᠎ᠠ ᠦᠬᠡᠷ ᠬᠤᠨᠢ ᠨᠠᠩ ᠠᠮᠠᠷᠬᠠᠨ ᠬᠠᠴᠢᠭ ᠡᠪᠡᠳᠴᠢᠨ ᠳᠤ ᠨᠡᠷᠪᠡᠭᠳᠡᠨ᠎ᠡ᠃ | ᠲᠡᠷᠡᠴᠢᠯᠡᠨ ᠣᠷᠳᠣ ᠬᠤᠭᠤᠴᠠᠭ᠎ᠠ ᠪᠠᠷ ᠴᠡᠪᠡᠷᠯᠡᠭᠡ ᠦᠭᠡᠢ ᠬᠠᠰᠢᠶ᠎ᠠ ᠰᠠᠷᠠᠪᠴᠢ ᠪᠠ ᠲᠣᠨᠤᠭ ᠲᠥᠬᠦᠭᠡᠷᠦᠮᠵᠢ ᠨᠢ | ᠶᠡᠭᠡ ᠬᠡᠮᠵᠢᠶᠡᠨ ᠤ ᠬᠠᠴᠢᠭ ᠬᠤᠷᠣᠬᠠᠢ ᠬᠤᠷᠠᠮᠳᠤᠵᠤ᠂ ᠡᠪᠡᠳᠴᠢᠨ ᠡᠭᠦᠰᠬᠡᠭᠴᠢ ᠶᠢᠨ ᠴᠢᠬᠤᠯᠠ ᠨᠢᠭᠤᠨ ᠳᠠᠯᠳᠠᠯᠠᠬᠤ | ᠭᠠᠵᠠᠷ ᠪᠣᠯᠳᠠᠭ᠃ 2. ᠠᠭᠤᠰᠬᠢᠨ ᠤ ᠤᠲᠠᠰᠤᠯᠢᠭ ᠬᠤᠷᠣᠬᠠᠢ ᠶᠢᠨ ᠡᠪᠡᠳᠴᠢᠨ ᠠᠭᠤᠰᠬᠢᠨ ᠤ ᠤᠲᠠᠰᠤᠯᠢᠭ | ᠬᠤᠷᠣᠬᠠᠢ ᠶᠢᠨ ᠡᠪᠡᠳᠴᠢᠨ ᠢ ᠪᠠᠰᠠ ᠠᠭᠤᠰᠬᠢᠨ ᠤ ᠤᠲᠠᠰᠤᠯᠢᠭ ᠬᠤᠷᠣᠬᠠᠢ ᠶᠢᠨ ᠬᠠᠯᠳᠠᠪᠤᠷᠢᠯᠠᠯ ᠭᠡᠳᠡᠭ᠂ | ᠭᠤᠣᠯᠳᠠᠭᠤ ᠠᠭᠤᠰᠬᠢᠨ ᠤ ᠤᠲᠠᠰᠤᠯᠢᠭ ᠬᠤᠷᠣᠬᠠᠢ ᠠᠴᠠ ᠪᠣᠯᠤᠭᠰᠠᠨ ᠨᠢᠭᠡ ᠵᠦᠢᠯ ᠤᠨ ᠰᠢᠮᠡᠭᠦᠷ ᠬᠤᠷᠣᠬᠠᠢ ᠶᠢᠨ | ᠡᠪᠡᠳᠴᠢᠨ᠂ ᠦᠬᠡᠷ ᠬᠤᠨᠢ ᠶᠢ ᠲᠡᠵᠢᠭᠡᠨ ᠦᠷᠡᠵᠢᠭᠦᠯᠬᠦ ᠶᠠᠪᠤᠴᠠ ᠳᠤ ᠦᠷᠭᠦᠯᠵᠢ ᠬᠠᠷᠠᠭᠳᠠᠳᠠᠭ᠃ ᠲᠣᠰ | ᠡᠪᠡᠳᠴᠢᠨ ᠨᠢ ᠭᠤᠣᠯᠳᠠᠭᠤ ᠤᠲᠠᠰᠤᠯᠢᠭ ᠬᠤᠷᠣᠬᠠᠢ ᠶᠢᠨ ᠠᠪᠠᠭᠠᠯᠳᠠᠢ ᠳᠤ ᠪᠣᠬᠢᠷᠲᠤᠭᠰᠠᠨ ᠢᠳᠡᠭᠡᠨ ᠪᠤᠶᠤ | ᠤᠰᠤᠨ ᠤ ᠡᠬᠢ ᠰᠤᠷᠪᠤᠯᠵᠢ ᠪᠠᠷ ᠳᠡᠮᠵᠢᠨ ᠲᠠᠷᠬᠠᠳᠠᠭ᠃ ᠠᠭᠤᠰᠬᠢᠨ ᠤ ᠤᠲᠠᠰᠤᠯᠢᠭ ᠬᠤᠷᠣᠬᠠᠢ ᠶᠢᠨ | ᠠᠪᠠᠭᠠᠯᠳᠠᠢ ᠨᠢ ᠬᠤᠰᠲ ᠤᠨ ᠪᠡᠶ᠎ᠡ ᠳᠤ ᠣᠷᠣᠭᠰᠠᠨ ᠤ ᠳᠠᠷᠠᠭ᠎ᠠ᠂ ᠠᠭᠤᠰᠬᠢᠨ ᠳᠤ ᠰᠢᠯᠵᠢᠨ ᠣᠷᠣᠵᠤ᠂ ᠪᠡᠶᠡᠵᠢᠭᠰᠡᠨ | ᠬᠤᠷᠣᠬᠠᠢ ᠪᠣᠯᠣᠨ ᠦᠷᠡᠵᠢᠵᠦ᠂ ᠠᠭᠤᠰᠬᠢᠨ ᠤ ᠦᠷᠪᠢᠰᠦᠯ᠂ ᠰᠢᠷᠬᠡᠭᠵᠢᠯ ᠪᠠ ᠪᠤᠰᠤᠳ ᠬᠦᠨᠳᠦ ᠨᠣᠴᠢᠲᠠᠢ | ᠠᠮᠢᠰᠬᠤᠯ ᠤᠨ ᠰᠢᠰᠲ᠋ᠧᠮ ᠤᠨ ᠡᠪᠡᠳᠴᠢᠨ ᠢ ᠡᠭᠦᠰᠬᠡᠳᠡᠭ᠃ ᠬᠠᠯᠳᠠᠪᠤᠷᠢᠯᠠᠭᠰᠠᠨ ᠦᠬᠡᠷ ᠬᠤᠨᠢ ᠨᠢ ᠬᠠᠨᠢᠶᠠᠬᠤ᠂ | ᠠᠮᠢᠰᠬᠤᠭᠠᠳᠠᠬᠤ᠂ ᠪᠡᠶ᠎ᠡ ᠶᠢᠨ ᠶᠠᠰᠤ ᠴᠢᠨᠠᠷ ᠮᠠᠭᠤᠳᠠᠬᠤ ᠪᠠ ᠡᠪᠡᠳᠴᠢᠨ ᠢ ᠡᠰᠡᠷᠭᠦᠴᠡᠬᠦ ᠪᠦᠬᠦᠯᠢ ᠴᠣᠭᠴᠠ ᠶᠢᠨ | ᠴᠢᠳᠠᠪᠤᠷᠢ ᠮᠠᠭᠤᠳᠠᠬᠤ ᠵᠡᠷᠭᠡ ᠰᠢᠨᠵᠢ ᠲᠡᠮᠳᠡᠭ ᠢᠯᠡᠷᠡᠨ᠎ᠡ᠃ ᠡᠭᠦᠨ ᠤ ᠬᠠᠮᠲᠤ ᠠᠭᠤᠰᠬᠢᠨ ᠤ ᠤᠲᠠᠰᠤᠯᠢᠭ | ᠬᠤᠷᠣᠬᠠᠢ ᠶᠢᠨ ᠠᠮᠢ ᠨᠠᠰᠤᠨ ᠤ ᠦᠶᠡᠯᠡᠯ ᠤᠨ ᠬᠤᠭᠤᠴᠠᠭ᠎ᠠ ᠨᠢ ᠨᠡᠯᠢᠶᠡᠳ ᠣᠷᠳᠣ ᠤᠴᠢᠷ ᠠᠴᠠ ᠡᠲᠡᠭᠡᠷ | ᠡᠪᠡᠳᠴᠢᠨ ᠤ ᠦᠷᠭᠦᠯᠵᠢᠯᠡᠬᠦ ᠴᠠᠭ ᠨᠢ ᠴᠦ ᠨᠡᠯᠢᠶᠡᠳ ᠣᠷᠳᠣ ᠪᠠᠶᠢᠵᠤ᠂ ᠦᠬᠡᠷ ᠬᠤᠨᠢᠨ ᠤ ᠡᠷᠡᠭᠦᠯ ᠮᠡᠨᠳᠦ ᠪᠠ | ᠦᠢᠯᠡᠳᠪᠦᠷᠢᠯᠡᠯ ᠤᠨ ᠢᠯᠡᠷᠡᠯ ᠢ ᠬᠦᠨᠳᠦ ᠨᠣᠴᠢᠲᠠᠢ ᠨᠥᠯᠥᠭᠡᠯᠡᠳᠡᠭ᠃ ᠡᠭᠦᠨ ᠠᠴᠠ ᠭᠠᠳᠠᠨ᠎ᠠ᠂ ᠲᠡᠵᠢᠭᠡᠨ | ᠦᠷᠡᠵᠢᠭᠦᠯᠬᠦ ᠶᠠᠪᠤᠴᠠ ᠳᠤ ᠠᠭᠤᠰᠬᠢᠨ ᠤ ᠤᠲᠠᠰᠤᠯᠢᠭ ᠬᠤᠷᠣᠬᠠᠢ ᠶᠢᠨ ᠡᠪᠡᠳᠴᠢᠨ ᠤ ᠲᠠᠷᠬᠠᠯᠲᠠ ᠨᠢ ᠪᠠᠰᠠ ᠦᠬᠡᠷ | ᠬᠤᠨᠢ ᠶᠢ ᠲᠡᠵᠢᠭᠡᠨ ᠠᠷᠠᠴᠢᠯᠠᠬᠤ ᠨᠢᠭᠲᠠᠴᠠ ᠶᠢᠨ ᠬᠡᠮᠵᠢᠶ᠎ᠡ ᠲᠠᠢ ᠬᠤᠯᠪᠣᠭ᠎ᠠ ᠲᠠᠢ ᠪᠠᠶᠢᠵᠤ᠂ ᠨᠢᠭᠲᠠ | ᠪᠥᠭᠡᠮᠨᠡᠷᠡᠭᠦᠯᠦᠨ ᠲᠡᠵᠢᠭᠡᠨ ᠦᠷᠡᠵᠢᠭᠦᠯᠬᠦ ᠨᠥᠬᠦᠴᠡᠯ ᠳᠣᠣᠷ᠎ᠠ ᠦᠬᠡᠷ ᠬᠤᠨᠢᠨ ᠤ ᠣᠶᠢᠷᠠᠲᠤᠬᠤ ᠨᠢ ᠨᠠᠩ ᠣᠯᠠᠨ | ᠪᠣᠯᠵᠤ᠂ ᠡᠪᠡᠳᠴᠢᠨ ᠬᠤᠷᠣᠬᠠᠢ ᠶᠢᠨ ᠲᠠᠷᠬᠠᠯᠲᠠ ᠨᠢ ᠴᠦ ᠨᠠᠩ ᠲᠦᠷᠭᠡᠨ ᠪᠣᠯᠳᠠᠭ᠃ 3. ᠬᠤᠪᠢᠯᠵᠠ ᠶᠢᠨ | ᠡᠪᠡᠳᠴᠢᠨ ᠬᠤᠪᠢᠯᠵᠠ ᠨᠢ ᠪᠥᠭᠡᠰᠦ᠂ ᠨᠣᠬᠠᠢ ᠶᠢᠨ ᠪᠥᠭᠡᠰᠦ ᠲᠠᠢ ᠠᠳᠠᠯᠢ ᠪᠡᠶ᠎ᠡ ᠶᠢᠨ ᠭᠠᠳᠠᠨ᠎ᠠ ᠠᠴᠠ ᠴᠢᠰᠤ | ᠰᠣᠷᠣᠬᠤ ᠰᠢᠮᠡᠭᠦᠷ ᠬᠤᠷᠣᠬᠠᠢ ᠶᠤᠮ᠃ ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ᠂ ᠦᠬᠡᠷ ᠤᠨ | ᠰᠦᠷᠦᠭ ᠪᠣᠯᠣᠨ ᠬᠤᠨᠢ ᠨᠢ ᠬᠤᠪᠢᠯᠵᠠ ᠶᠢᠨ ᠳᠠᠭᠠᠷᠢᠯᠲᠠ ᠳᠤ ᠤᠴᠠᠷᠠᠵᠤ ᠮᠡᠳᠡᠨ᠎ᠡ᠃ ᠡᠩ ᠤᠨ ᠪᠠᠶᠢᠳᠠᠯ ᠳᠤ | ᠠᠪᠴᠤ ᠬᠡᠯᠡᠪᠡᠯ᠂ ᠬᠠᠰᠢᠶᠠᠨ ᠳᠠᠭᠠᠨ ᠲᠡᠵᠢᠭᠡᠭᠰᠡᠨ ᠦᠬᠡᠷ ᠬᠤᠨᠢ ᠨᠢ ᠬᠤᠪᠢᠯᠵᠠ ᠶᠢᠨ ᠡᠪᠡᠳᠴᠢᠨ ᠳᠤ | ᠨᠡᠷᠪᠡᠭᠳᠡᠬᠦ ᠨᠢ ᠲᠣᠩ ᠴᠥᠭᠡᠨ ᠪᠠᠶᠢᠳᠠᠭ︔ ᠭᠡᠪᠡᠴᠦ ᠣᠷᠳᠣ ᠬᠤᠭᠤᠴᠠᠭ᠎ᠠ ᠪᠠᠷ ᠭᠠᠳᠠᠨ᠎ᠠ ᠲᠡᠵᠢᠭᠡᠨ ᠠᠷᠠᠴᠢᠯᠠᠵᠤ | ᠪᠠᠶᠢᠭᠰᠠᠨ ᠪᠥᠭᠡᠳ ᠴᠢᠭᠢᠭᠲᠦᠴᠡ ᠨᠢ ᠨᠡᠯᠢᠶᠡᠳ ᠶᠡᠭᠡ ᠭᠠᠵᠠᠷ ᠲᠤ ᠦᠬᠡᠷ ᠬᠤᠨᠢ ᠨᠢ ᠬᠤᠪᠢᠯᠵᠠ ᠶᠢᠨ | ᠡᠪᠡᠳᠴᠢᠨ ᠳᠤ ᠨᠡᠷᠪᠡᠭᠳᠡᠵᠦ ᠮᠡᠳᠡᠨ᠎ᠡ᠃ ᠬᠤᠪᠢᠯᠵᠠ ᠶᠢᠨ ᠡᠪᠡᠳᠴᠢᠨ ᠲᠠᠢ ᠦᠬᠡᠷ ᠬᠤᠨᠢᠨ ᠤ ᠪᠡᠶ᠎ᠡ ᠳᠡᠭᠡᠷ᠎ᠡ ᠠᠴᠠ | ᠴᠢᠰᠤ ᠶᠢ ᠨᠢ ᠰᠣᠷᠣᠵᠤ ᠬᠠᠨᠤᠭᠰᠠᠨ ᠬᠤᠪᠢᠯᠵᠠ ᠶᠢᠨ ᠠᠪᠠᠭᠠᠯᠳᠠᠢ ᠶᠢ ᠣᠯᠵᠤ ᠬᠠᠷᠠᠬᠤ ᠪᠥᠭᠡᠳ ᠵᠥᠭᠡᠢ ᠶᠢᠨ | ᠡᠭᠦᠷ ᠤᠨ ᠨᠡᠬᠡᠳᠡᠰᠦ ᠶᠢᠨ ᠦᠷᠪᠢᠰᠦᠯ᠂ ᠢᠳᠡᠭᠡᠯᠡᠬᠦ᠂ ᠬᠠᠪᠤᠳᠬᠤ ᠵᠡᠷᠭᠡ ᠡᠪᠡᠳᠴᠢᠨ ᠤ ᠢᠯᠡᠷᠡᠯ ᠴᠦ ᠭᠠᠷᠴᠤ | ᠮᠡᠳᠡᠨ᠎ᠡ᠃ ᠬᠤᠷᠠᠭ᠎ᠠ ᠨᠢ ᠬᠤᠪᠢᠯᠵᠠ ᠳᠤ ᠵᠠᠭᠤᠭᠳᠠᠪᠠᠯ᠂ ᠲᠦᠷᠭᠡᠨ ᠴᠢᠨᠠᠷᠲᠠᠢ ᠴᠢᠰᠤ ᠳᠤᠲᠠᠬᠤ ᠪᠠᠶᠢᠳᠠᠯ ᠡᠭᠦᠰᠴᠦ᠂ | ᠬᠤᠷᠠᠭᠠᠨ ᠤ ᠠᠮᠢ ᠨᠠᠰᠤ ᠶᠢ ᠬᠦᠨᠳᠦ ᠨᠣᠴᠢᠲᠠᠢ ᠰᠦᠷᠳᠡᠭᠦᠯᠳᠡᠭ᠃ ᠡᠭᠦᠨ ᠠᠴᠠ ᠭᠠᠳᠠᠨ᠎ᠠ᠂ ᠬᠤᠪᠢᠯᠵᠠ ᠨᠢ ᠪᠠᠰᠠ | ᠪᠷᠦ᠋ᠼᠧᠯ ᠡᠪᠡᠳᠴᠢᠨ ᠤ ᠬᠠᠯᠳᠠᠪᠤᠷᠢᠯᠠᠬᠤ ᠴᠢᠳᠠᠪᠤᠷᠢ ᠲᠠᠢ᠂ ᠬᠡᠷᠪᠡ ᠴᠠᠭ ᠲᠤᠬᠠᠢ ᠳᠤᠨᠢ ᠡᠮᠨᠡᠨ ᠵᠠᠰᠠᠬᠤ ᠪᠠ | ᠤᠷᠢᠳᠴᠢᠯᠠᠨ ᠰᠡᠷᠭᠡᠶᠢᠯᠡᠬᠦ ᠦᠭᠡᠢ ᠪᠣᠯ ᠮᠠᠯ ᠠᠵᠤ ᠠᠬᠤᠢ ᠶᠢᠨ ᠬᠥᠭᠵᠢᠯᠲᠡ ᠶᠢ ᠬᠦᠨᠳᠦ ᠨᠣᠴᠢᠲᠠᠢ ᠨᠥᠯᠥᠭᠡᠯᠡᠨ᠎ᠡ᠃ | |