ᠤᠯᠠᠩᠬᠢ ᠬᠦᠮᠦᠨ ᠪᠡᠶ᠎ᠡ ᠶᠢᠨ ᠪᠠᠶᠢᠴᠠᠭᠠᠯᠳᠠ ᠬᠢᠭᠦ ᠳᠡᠭᠡᠨ ᠬᠡᠳᠦᠢ ᠠᠷᠪᠢᠨ ᠪᠤᠯ ᠪᠠᠶᠢᠴᠠᠭᠠᠯᠳᠠ ᠨᠢ ᠪᠦᠷᠢᠨ | ᠬᠦᠢᠴᠡᠳ ᠭᠡᠵᠤ ᠦᠵᠡᠳᠡᠭ᠂ ᠦᠨᠡᠨ ᠳᠡᠭᠡᠨ ᠳᠡᠶᠢᠮᠦ ᠪᠢᠰᠢ ᠪᠠᠶᠢᠬ᠎ᠠ᠃ ᠠᠳᠠᠯᠢ ᠪᠤᠰᠤ ᠨᠠᠰᠤᠨ ᠤ ᠬᠦᠮᠦᠰ ᠲᠤ | ᠠᠳᠠᠯᠢ ᠪᠤᠰᠤ ᠶᠢᠨ ᠪᠠᠶᠢᠴᠠᠭᠠᠯᠳᠠ ᠶᠢᠨ ᠭᠤᠤᠯᠳᠠᠯᠭ᠎ᠠ ᠪᠤᠢ᠃ ᠰᠤᠷᠭᠠᠭᠤᠯᠢ ᠶᠢᠨ ᠨᠠᠰᠤᠨ ᠤ ᠬᠡᠦᠭᠡᠳ ᠪᠠᠭᠠᠴᠤᠳ | ᠵᠠᠯᠠᠭᠤᠴᠤᠳ᠄ ᠰᠤᠷᠭᠠᠭᠤᠯᠢ ᠶᠢᠨ ᠳᠤᠬᠢᠷᠠᠭᠤᠯᠤᠯᠳᠠ ᠶᠢ ᠦᠨᠳᠦᠰᠦᠯᠡᠨ ᠪᠡᠶ᠎ᠡ ᠶᠢᠨ ᠪᠠᠶᠢᠴᠠᠭᠠᠯᠳᠠ ᠬᠢᠵᠤ ᠪᠤᠯᠤᠨ᠎ᠠ᠃ | ᠬᠡᠦᠭᠡᠳ ᠤᠨ ᠪᠤᠶᠢᠵᠢᠯᠳᠠ ᠶᠢᠨ ᠪᠠᠶᠢᠳᠠᠯ᠂ ᠨᠢᠳᠤᠨ ᠬᠠᠷᠠᠭ᠎ᠠ ᠶᠢᠨ ᠪᠠᠶᠢᠳᠠᠯ ᠢ ᠪᠠᠶᠢᠴᠠᠭᠠᠬᠤ ᠶᠢ ᠬᠦᠨᠳᠦᠳᠭᠡᠵᠤ | ᠮᠡᠳᠡᠨ᠎ᠡ᠃ 18 ᠠᠴᠠ 30 ᠨᠠᠰᠤᠨ ᠤ ᠬᠦᠮᠦᠰ᠄ ᠡᠨᠡ ᠨᠠᠰᠤᠨ ᠤ ᠬᠦᠮᠦᠰ ᠤᠨ ᠪᠡᠶ᠎ᠠ ᠮᠠᠬᠠᠪᠤᠳ ᠨᠢ ᠡᠷᠡᠭᠦᠯ | ᠴᠢᠬᠢᠷᠠᠭ ᠪᠠᠶᠢᠳᠠᠭ ᠪᠤᠯᠬᠤᠷ 1 — 2 ᠵᠢᠯ ᠳᠤ ᠨᠢᠭᠡ ᠤᠳᠠᠭ᠎ᠠ ᠶᠢᠨ ᠪᠡᠶ᠎ᠠ ᠶᠢᠨ ᠪᠠᠶᠢᠴᠠᠭᠠᠯᠳᠠ ᠬᠢᠵᠤ᠂ ᠴᠢᠰᠤᠨ | ᠳᠠᠷᠤᠯᠳᠠ᠂ ᠴᠢᠰᠤᠨ ᠰᠢᠬᠢᠷ᠂ ᠴᠢᠰᠤᠨ ᠤ ᠦᠭᠡᠭᠦ ᠵᠢᠴᠢ ᠡᠯᠢᠭᠡ ᠪᠦᠭᠡᠷ᠎ᠠ ᠶᠢᠨ ᠠᠵᠢᠯᠯᠠᠭ᠎ᠠ ᠶᠢᠨ ᠳᠤᠬᠠᠢ ᠡᠩ ᠤᠨ | ᠪᠠᠶᠢᠴᠠᠭᠠᠯᠳᠠ ᠬᠢᠵᠤ ᠪᠤᠯᠤᠨ᠎ᠠ᠃ 30 ᠠᠴᠠ 40 ᠨᠠᠰᠤᠨ ᠤ ᠬᠦᠮᠦᠰ᠄ ᠵᠢᠯ ᠪᠦᠷᠢ ᠨᠢᠭᠡ ᠤᠳᠠᠭ᠎ᠠ ᠶᠢᠨ ᠪᠡᠶ᠎ᠡ ᠶᠢᠨ | ᠪᠠᠶᠢᠴᠠᠭᠠᠯᠳᠠ ᠬᠢᠬᠦ ᠶᠢ ᠰᠠᠨᠠᠭᠤᠯᠤᠶ᠎ᠠ᠃ ᠤᠨᠴᠠᠭᠠᠶᠢᠯᠠᠨ ᠡᠳᠦᠷ ᠳᠤᠳᠤᠮ ᠤᠨ ᠢᠳᠡᠭᠡᠨ ᠤᠮᠳᠠᠭᠠᠨ ᠨᠢ ᠵᠢᠮ᠎ᠡ | ᠭᠤᠷᠢᠮ ᠦᠭᠡᠢ᠂ ᠬᠦᠳᠡᠯᠭᠡᠭᠡᠨ ᠳᠤᠳᠠᠮᠠᠭ᠂ ᠠᠷᠢᠬᠢ ᠳᠠᠮᠠᠬᠢ ᠳᠤ ᠪᠠᠭ᠋ᠠᠳᠠᠢ ᠬᠦᠮᠦᠰ ᠨᠢ ᠵᠢᠷᠦᠭᠡ ᠴᠢᠰᠤᠨ | ᠰᠤᠳᠠᠯ ᠤᠨ ᠡᠷᠡᠭᠦᠯ ᠮᠡᠨᠳᠤ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠵᠡᠷᠭᠡ ᠶᠢᠨ ᠪᠠᠶᠢᠴᠠᠭᠠᠯᠳᠠ ᠶᠢ ᠨᠡᠮᠡᠨ ᠬᠢᠵᠤ᠂ | ᠴᠢᠰᠤᠨ ᠳᠠᠷᠤᠯᠳᠠ᠂ ᠴᠢᠰᠤᠨ ᠰᠢᠬᠢᠷ ᠤᠨ ᠬᠡᠮᠵᠢᠶ᠎ᠡ ᠪᠠᠨ ᠡᠬᠢᠯᠡᠨ ᠠᠩᠬᠠᠷᠬᠤ ᠴᠢᠬᠤᠯᠠᠳᠠᠢ᠃ ᠢᠳᠡᠷ ᠨᠠᠰᠤᠨ ᠤ | ᠡᠷᠡᠭᠳᠡᠶᠢᠴᠤᠳ ᠲᠤ ᠵᠢᠷᠦᠭᠡ ᠴᠢᠰᠤᠨ ᠰᠤᠳᠠᠯ ᠤᠨ ᠡᠪᠡᠳᠴᠢᠨ᠂ ᠡᠯᠢᠭᠡ ᠦᠭᠡᠭᠦᠯᠡᠭᠦ᠂ ᠤᠷᠢᠳᠤ ᠪᠤᠯᠴᠢᠷᠬᠠᠢ ᠶᠢᠨ | ᠡᠪᠡᠳᠴᠢᠨ ᠤ ᠲᠦᠭᠰᠢᠭᠦᠷᠢ ᠨᠡᠮᠡᠭᠳᠡᠳᠡᠭ ᠪᠤᠯᠬᠤᠷ ᠭᠤᠤᠯᠳᠠᠭᠤ ᠴᠢᠰᠤᠨ ᠤ ᠦᠭᠡᠭᠦ᠂ ᠡᠯᠢᠭᠡᠨ ᠤ ᠠᠵᠢᠯᠯᠠᠭ᠎ᠠ᠂ | ᠵᠢᠷᠦᠭᠡᠨ ᠤ ᠴᠠᠬᠢᠯᠭᠠᠨ ᠵᠢᠷᠤᠭ᠂ ᠤᠷᠢᠳᠤ ᠪᠤᠯᠴᠢᠷᠬᠠᠢ ᠶᠢᠨ ᠤᠨᠴᠠᠭᠠᠢ ᠦᠳᠦᠭᠡᠭᠴᠢ ︵PSA︶ ᠶᠢᠨ | ᠪᠠᠶᠢᠴᠠᠭᠠᠯᠳᠠ ᠬᠢᠯᠭᠡᠭᠦ ᠶᠢ ᠠᠩᠬᠠᠷᠬᠤ ᠬᠡᠷᠡᠭᠳᠠᠢ᠃ ᠢᠳᠡᠷ ᠨᠠᠰᠤᠨ ᠤ ᠡᠮᠡᠭᠳᠠᠶᠢᠴᠤᠳ ᠬᠦᠭᠦᠨ ᠪᠤᠯᠴᠢᠷᠬᠠᠢ ᠶᠢᠨ | ᠦᠮᠡᠨ᠂ ᠪᠠᠮᠪᠠᠢ ᠪᠤᠯᠴᠢᠷᠬᠠᠢ ᠶᠢᠨ ᠡᠪᠡᠳᠴᠢᠨ᠂ ᠶᠠᠰᠤ ᠰᠡᠶᠢᠷᠡᠭᠵᠢᠭᠦ ᠵᠡᠷᠭᠡ ᠡᠪᠡᠳᠴᠢᠨ ᠡᠮᠭᠡᠭ ᠤᠨ ᠲᠦᠭᠰᠢᠭᠦᠷᠢ | ᠨᠡᠮᠡᠭᠳᠡᠳᠡᠭ ᠪᠤᠯᠬᠤᠷ ᠭᠤᠤᠯᠳᠠᠭᠤ ᠬᠦᠬᠦᠨ ᠪᠤᠯᠴᠢᠷᠬᠠᠢ ᠶᠢᠨ ᠦᠩᠭᠡᠳᠤ ᠬᠡᠳᠤ ᠳᠤᠯᠬᠢᠶᠠᠨ ᠪᠤᠶᠤ ᠮᠤᠯᠢᠪᠳᠧᠨ᠂ | ᠪᠠᠮᠪᠠᠢ ᠪᠤᠯᠴᠢᠷᠬᠠᠢ ᠶᠢᠨ ᠴᠢᠳᠠᠮᠵᠢ᠂ ᠶᠠᠰᠤᠨ ᠤ ᠨᠢᠭᠳᠠᠴᠠ ᠶᠢᠨ ᠪᠠᠶᠢᠴᠠᠭᠠᠯᠳᠠ ᠬᠢᠭᠦ ᠶᠢ ᠬᠦᠨᠳᠦᠳᠭᠡᠭᠦ ᠴᠢᠬᠤᠯᠠᠳᠠᠢ᠃ | 60 ᠨᠠᠰᠤᠨ ᠠᠴᠠ ᠳᠡᠭᠡᠭᠰᠢᠬᠢ ᠬᠦᠮᠦᠰ᠄ ᠡᠷᠬᠡᠪᠰᠢ ᠵᠢᠯ ᠪᠦᠷᠢ ᠨᠢᠭᠡ ᠤᠳᠠᠭ᠎ᠠ ᠪᠡᠶ᠎ᠠ ᠶᠢᠨ ᠪᠠᠶᠢᠴᠠᠭᠠᠯᠳᠠ ᠬᠢᠭᠦ | ᠬᠡᠷᠡᠭᠳᠠᠢ᠃ ᠳᠤᠰ ᠪᠡᠶ᠎ᠠ ᠶᠢᠨ ᠡᠪᠡᠳᠴᠢᠨ ᠤ ᠳᠡᠦᠭᠡ ᠲᠠᠢ ᠪᠠᠨ ᠤᠶᠠᠯᠳᠤᠭᠤᠯᠤᠨ ᠭᠤᠤᠯᠳᠠᠯᠭ᠎ᠠ ᠲᠠᠢ ᠵᠦᠢᠯᠡᠰ᠂ | ᠵᠢᠱᠢᠶᠡᠯᠡᠪᠡᠯ ᠵᠢᠷᠦᠭᠡ ᠳᠠᠷᠢᠬᠢᠨ ᠤ ᠴᠢᠰᠤᠨ ᠰᠤᠳᠠᠯ᠂ ᠬᠠᠪᠤᠳᠠᠷ ᠢ ᠰᠢᠭᠰᠢᠨ ᠪᠠᠶᠢᠴᠠᠭᠠᠬᠤ ᠵᠡᠷᠭᠡ ᠪᠠᠶᠢᠴᠠᠭᠠᠯᠳᠠ ᠶᠢ | ᠬᠢᠯᠭᠡᠵᠤ ᠪᠤᠯᠤᠨ᠎ᠠ᠃ ᠵᠢᠷᠦᠭᠡ ᠳᠠᠷᠢᠬᠢᠨ ᠤ ᠴᠢᠰᠤᠨ ᠰᠤᠳᠠᠯ ᠤᠨ ᠡᠪᠡᠳᠴᠢᠨ᠂ ᠰᠢᠬᠢᠷ ᠰᠢᠵᠢᠩ ᠡᠪᠡᠳᠴᠢᠨ᠂ | ᠬᠠᠪᠤᠳᠠᠷ ᠵᠡᠷᠭᠡ ᠤᠯᠠᠨ ᠡᠭᠦᠰᠭᠦ ᠡᠪᠡᠳᠴᠢᠨ ᠤ ᠵᠦᠢᠯ ᠪᠤᠢ᠂ ᠬᠦᠵᠦᠭᠦᠨ ᠤ ᠳᠠᠷᠬᠠᠭᠠᠬᠤ ᠰᠤᠳᠠᠯ ᠤᠨ ᠪᠤᠳᠤᠭᠳᠤ | ᠬᠡᠳᠤ ᠳᠤᠯᠬᠢᠶᠠᠨ᠂ ᠰᠢᠬᠢᠷᠵᠢᠭᠰᠡᠨ ᠴᠢᠰᠤᠨ ᠤ ᠤᠯᠠᠭᠠᠨ ᠤᠭᠤᠷᠠᠭ᠂ ᠪᠠᠭ᠎ᠠ ᠬᠡᠮᠵᠢᠶᠡᠨ ᠤ CT᠂ ᠬᠤᠳᠤᠭᠤᠳᠤ | ᠭᠡᠳᠡᠰᠤᠨ ᠤ ᠳᠤᠷᠠᠨ ᠵᠡᠷᠭᠡ ᠵᠦᠢᠯᠡᠰ ᠢ ᠪᠠᠰᠠ ᠬᠢᠪᠡᠯ ᠵᠤᠬᠢᠨ᠎ᠠ᠃ ᠡᠭᠦᠨ ᠠᠴᠠ ᠭᠠᠳᠠᠨ᠎ᠠ᠂ ᠢᠳᠡᠷ ᠦᠳᠡᠯᠦᠭᠡ | ᠨᠠᠰᠤᠨ ᠤ ᠬᠦᠮᠦᠰ ᠦᠮᠡᠨ ᠡᠪᠡᠳᠴᠢᠨ ᠤ ᠰᠢᠭᠰᠢᠨ ᠪᠠᠶᠢᠴᠠᠭᠠᠯᠳᠠ ᠶᠢ ᠬᠢᠪᠠᠯ ᠰᠠᠶᠢᠨ᠃ ᠡᠬᠢᠨ ᠤ ᠬᠤᠭᠤᠴᠠᠭᠠᠨ ᠤ | ᠰᠢᠭᠰᠢᠨ ᠪᠠᠶᠢᠴᠠᠭᠠᠯᠳᠠ ᠨᠢ ᠦᠮᠠᠨ ᠡᠪᠡᠳᠴᠢᠨ ᠤ ᠡᠳᠡᠭᠡᠷᠡᠭᠦ ᠨᠤᠷᠮ᠎ᠠ ᠶᠢ ᠳᠡᠭᠡᠭᠰᠢᠯᠡᠭᠦᠯᠳᠡᠭ ᠪᠤᠯᠬᠤᠷ CEA ︵ | ᠡᠯ᠎ᠡ ᠲᠦᠷᠦᠯ ᠤᠨ ᠦᠮᠡᠨ ᠡᠪᠡᠳᠴᠢᠨ︶᠂ AFP ︵ᠡᠯᠢᠭᠡᠨ ᠦᠮᠡᠨ︶᠂ CYFRA 21 — 1 ︵ | ᠠᠭᠤᠰᠭᠢᠨ ᠦᠮᠡᠨ︶᠂ NSE ︵ᠠᠭᠤᠰᠭᠢᠨ ᠦᠮᠡᠨ︶᠂ CA 19 — 9 ︵ᠨᠦᠢᠷ ᠤᠨ ᠪᠤᠯᠴᠢᠷᠬᠠᠢ᠂ | ᠰᠦᠰᠤᠨ ᠴᠤᠷᠭᠤ ᠶᠢᠨ ᠦᠮᠡᠨ︶ ᠵᠡᠷᠭᠡ ᠪᠠᠶᠢᠴᠠᠭᠠᠯᠳᠠ ᠶᠢᠨ ᠵᠦᠢᠯᠡᠰ ᠢ ᠰᠤᠩᠭᠤᠨ ᠬᠢᠵᠤ ᠪᠤᠯᠤᠨ᠎ᠠ᠃ ᠡᠷᠡᠭᠳᠡᠢ | ᠬᠦᠮᠦᠨ PSA ︵ᠤᠷᠢᠳᠤ ᠪᠤᠯᠴᠢᠷᠬᠠᠢ ᠶᠢᠨ ᠦᠮᠡᠨ︶ ᠶᠢᠨ ᠪᠠᠶᠢᠴᠠᠭᠠᠯᠳᠠ ᠶᠢ ᠨᠡᠮᠡᠨ ᠬᠢᠯᠭᠡᠵᠤ ᠪᠤᠯᠤᠨ᠎ᠠ᠃ | ᠡᠮᠡᠭᠳᠡᠢ ᠬᠦᠮᠦᠨ CA125 ︵ᠦᠨᠳᠡᠭᠡᠪᠴᠢ ᠶᠢᠨ ᠦᠮᠡᠨ︶᠂ CA 15 — 3 ︵ᠬᠦᠬᠦᠨ ᠪᠤᠯᠴᠢᠷᠬᠠᠢ ᠶᠢᠨ | ᠦᠮᠡᠨ︶ ᠶᠢᠨ ᠪᠠᠶᠢᠴᠠᠭᠠᠯᠳᠠ ᠶᠢ ᠨᠡᠮᠡᠨ ᠬᠢᠵᠤ ᠪᠤᠯᠤᠨ᠎ᠠ᠃ ᠰᠢᠭᠰᠢᠨ ᠪᠠᠶᠢᠴᠠᠭᠠᠬᠤ ᠦᠶ᠎ᠡ ᠳᠤ ᠬᠠᠪᠤᠳᠠᠷ ᠤᠨ | ᠳᠡᠮᠳᠡᠭ ᠪᠤᠳᠠᠰ ᠢ ᠵᠢᠷᠤᠭ ᠳᠦᠷᠰᠦ ᠶᠢᠨ ᠤᠬᠠᠭᠠᠨ ᠤ ᠪᠠᠶᠢᠴᠠᠭᠠᠯᠳᠠ ᠲᠠᠢ ᠤᠶᠠᠯᠳᠤᠭᠤᠯᠤᠨ ᠬᠢᠯᠪᠡᠯ ᠨᠡᠩ | ᠤᠨᠤᠪᠴᠢᠳᠠᠢ ᠪᠤᠯᠤᠨ᠎ᠠ᠃ ︵︽ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ | ᠠᠴᠠ ᠰᠢᠯᠵᠢᠬᠦᠯᠪᠡ︶ |