ᠰᠢᠷ᠎ᠠ ᠳᠤᠰᠤ ᠪᠤᠯ ᠬᠠᠯᠠᠭᠤᠨ ᠪᠦᠯᠢᠶᠠᠨ ᠴᠢᠨᠠᠷᠳᠡᠢ᠂ ᠬᠡᠢ ᠶᠢ ᠲᠠᠷᠤᠵᠤ ᠲᠠᠮᠢᠷ ᠢ ᠰᠠᠶᠢᠵᠢᠷᠠᠭᠤᠯᠤᠨ᠂ ᠦᠩᠬᠡ ᠶᠢ | ᠲᠡᠵᠢᠬᠡᠬᠦ᠂ ᠬᠦᠮᠤᠨ ᠤ ᠪᠠᠶ᠎ᠠ ᠶᠢᠨ ᠡᠷᠡᠬᠦᠯ ᠮᠠᠨᠳᠤ ᠳᠤ ᠤᠯᠠᠨ ᠬᠡᠷᠡᠭᠴᠡᠭᠡ ᠲᠠᠢ ᠡᠮᠳᠤ ᠴᠢᠨᠠᠷᠳᠡᠢ ᠢᠳᠡᠬᠡᠨ ᠪᠤᠯᠤᠨ᠎ᠠ᠃ | ︽ᠠᠯᠳᠠᠨ ᠬᠠᠳᠠᠮᠠᠯ︾ ᠳᠤ ᠰᠢᠮ᠎ᠠ ᠶᠢᠨ ᠳᠤᠩᠭᠠᠯᠠᠭ ᠰᠢᠷ᠎ᠠ ᠳᠤᠰᠤ ᠰᠢᠮ᠎ᠠ ᠶᠢ ᠲᠦᠯᠦᠵᠢᠬᠦᠯᠤᠨᠠ ᠬᠡᠵᠤ ᠪᠢᠴᠢᠵᠤ | ᠪᠠᠶᠢᠳᠠᠭ᠃ ᠰᠢᠷ᠎ᠠ ᠳᠤᠰᠤ ᠦᠯᠤ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ ᠡᠬᠦᠨ ᠠᠴᠠ ᠭᠠᠳᠠᠨ᠎ᠠ᠂ | ᠰᠦᠰᠤᠨ ᠤ ᠭᠤᠨᠠᠨ ᠠᠯᠺᠤᠤᠯ ᠢ ᠪᠠᠭᠤᠷᠠᠭᠤᠯᠬᠤ᠂ ᠨᠢᠳᠤᠨ ᠤ ᠬᠠᠷᠠᠭ᠎ᠠ ᠶᠢ ᠰᠠᠶᠢᠵᠢᠷᠠᠭᠤᠯᠬᠤ᠂ ᠰᠢᠩᠬᠡᠬᠡᠯᠳᠡ ᠶᠢ | ᠰᠠᠶᠢᠵᠢᠷᠠᠭᠤᠯᠬᠤ ᠪᠤᠯᠤᠨ ᠬᠤᠭᠤᠯᠨ ᠪᠤᠯᠪᠠᠰᠤᠷᠠᠭᠤᠯᠤᠯᠳᠠ ᠳᠤ ᠳᠤᠰᠠᠳᠠᠢ᠃ ᠪᠠᠶ᠎ᠠ ᠶᠢ ᠲᠠᠮᠢᠷᠵᠢᠭᠤᠯᠬᠤ ᠪᠠ | ᠰᠢᠮᠡᠵᠢᠬᠦᠯᠵᠤ᠂ ᠬᠡᠢ ᠮᠠᠬᠠᠪᠤᠳ ᠢ ᠲᠡᠭᠰᠢᠷᠡᠬᠦᠯᠬᠦ ᠪᠠ ᠲᠠᠪᠤᠨ ᠴᠤᠯᠤ ᠵᠢᠷᠭᠤᠭᠠᠨ ᠰᠠᠪᠠ ᠶᠢᠨ ᠬᠡᠢ ᠡᠪᠡᠳᠴᠢᠨ ᠢ | ᠠᠷᠢᠯᠭᠠᠵᠤ᠂ ᠲᠡᠷᠢᠬᠢ ᠶᠢ ᠰᠠᠶᠢᠵᠢᠷᠠᠭᠤᠯᠳᠠᠭ᠃ ᠰᠢᠷ᠎ᠠ ᠲᠤᠰᠤ ᠶᠢ ᠢᠯᠪᠢᠬᠦ ᠵᠠᠰᠠᠯ ᠳᠤ ᠬᠡᠷᠡᠭᠯᠡᠵᠤ᠂ ᠡᠮᠡᠭᠳᠡᠢ ᠶᠢᠨ | ᠰᠠᠪᠠᠨ ᠤ ᠬᠡᠢ᠂ ᠪᠦᠬᠡᠷ᠎ᠠ ᠨᠢᠷᠤᠭᠤᠨ ᠤ ᠬᠡᠢ᠂ ᠦᠶ᠎ᠠ ᠬᠡᠰᠢᠬᠦᠤ ᠶᠢᠨ ᠬᠡᠢ ᠪᠤᠶᠤ ᠭᠤᠤᠯ ᠤᠨ ᠬᠡᠢ᠂ ᠳᠤᠯᠤᠭᠠᠢ ᠶᠢᠨ | ᠬᠡᠢ᠂ ᠤᠯᠤᠭᠠᠢ ᠶᠢᠨ ᠬᠡᠢ ᠶᠢ ᠵᠠᠰᠠᠵᠤ᠂ ᠤᠳᠠᠭᠰᠠᠠ ᠰᠢᠷ᠎ᠠ ᠳᠤᠰᠤ ᠪᠠᠷ ᠦᠬᠡᠷ ᠢᠯᠢᠳᠤ ᠵᠡᠷᠬᠡ ᠠᠷᠠᠰᠤ ᠮᠢᠬᠠᠨ ᠤ | ᠡᠯᠳᠡᠪ ᠤᠨ ᠡᠪᠡᠳᠴᠢᠨ᠂ ᠶᠠᠷ᠎ᠠ ᠰᠢᠷᠬ᠎ᠠ ᠶᠢ ᠡᠮᠨᠡᠡ ᠵᠠᠰᠠᠳᠠᠭ᠃ ᠰᠢᠷ᠎ᠠ ᠳᠤᠰᠤ ᠶᠢ ᠴᠠᠢ ᠲᠠᠢ ᠴᠢᠨᠠᠭᠠᠳ | ᠬᠠᠯᠠᠭᠤᠨ ᠢᠶᠠᠷ ᠤᠤᠭᠤᠵᠤ ᠬᠦᠯᠤᠰᠤ ᠭᠠᠷᠭᠠᠪᠠᠯ ᠰᠡᠯᠬᠢ ᠠᠪᠴᠤ ᠪᠠᠶ᠎ᠠ ᠬᠡᠮᠳᠦᠭᠰᠡᠡ ᠪᠤᠶᠤ ᠰᠢᠩᠬᠡᠬᠡᠯᠳᠠ | ᠮᠠᠭᠤᠳᠠᠭᠰᠠᠠ ᠢ ᠵᠠᠰᠠᠵᠤ ᠴᠢᠳᠠᠳᠠᠭ᠃ ᠴᠠᠢ ᠬᠤᠭᠤᠯᠠᠨ ᠳᠤ ᠵᠠᠩᠬᠢᠷᠠᠭᠰᠠᠳ ᠲᠤ ᠰᠢᠷ᠎ᠠ ᠳᠤᠰᠤ ᠪᠠᠭ᠎ᠠ | ᠤᠤᠭᠤᠯᠭᠠᠪᠠᠯ ᠵᠠᠩᠬᠢᠷᠠᠭ᠎ᠠ ᠲᠠᠶᠢᠯᠤᠭᠳᠠᠨ᠎ᠠ᠃ ᠨᠢᠯᠬ᠎ᠠ ᠬᠡᠤᠬᠡᠳ ᠤᠨ ᠵᠤᠯᠠᠢ ᠲᠡᠬᠡᠷ᠎ᠠ ᠦᠷᠬᠦᠯᠵᠢ ᠰᠢᠷ᠎ᠠ ᠳᠤᠰᠤ | ᠲᠦᠷᠬᠢᠪᠡᠯ ᠬᠠᠬ ᠨᠢ ᠤᠨᠠᠬᠤ ᠳᠤ ᠰᠠᠶᠢᠨ ᠪᠦᠬᠡᠳ ᠬᠠᠮᠠᠷ ᠱᠤᠤᠬᠢᠨ ᠪᠦᠭᠯᠡᠷᠡᠬᠦ ᠶᠢ ᠵᠠᠰᠠᠳᠠᠭ᠃ ᠬᠡᠳᠡᠰᠤ ᠡᠪᠡᠳᠬᠦ᠂ | ᠬᠡᠳᠡᠰᠤ ᠲᠦᠬᠦᠷᠬᠦ᠂ ᠬᠤᠷᠭᠤᠰᠤᠯᠠᠬᠤ ᠳᠤ ᠰᠢᠷ᠎ᠠ ᠳᠤᠰᠤ ᠶᠢ ᠬᠠᠷ᠎ᠠ ᠠᠷᠢᠬᠢ ᠲᠠᠢ ᠡᠰᠡᠬᠦᠯ᠎ᠠ ᠬᠠᠷ᠎ᠠ ᠰᠢᠬᠢᠷ ᠲᠠᠢ | ᠪᠤᠴᠠᠯᠭᠠᠵᠤ ᠤᠤᠭᠤᠪᠠᠯ ᠳᠤᠰᠠ ᠪᠤᠯᠳᠠᠭ᠃ ᠬᠠᠮᠠᠷ ᠶᠠᠮᠠᠰᠢᠬᠰᠠᠠ ᠳᠤ ᠰᠢᠷ᠎ᠠ ᠳᠤᠰᠤ ᠲᠦᠷᠬᠢᠪᠡᠯ ᠰᠡᠶᠢᠨ᠃ | ᠰᠡᠯᠬᠢᠨ ᠳᠤ ᠤᠷᠤᠭᠤᠯ ᠦᠷᠤᠮᠳᠡᠨ ᠬᠠᠭᠠᠷᠠᠬᠤ ᠳᠤ ᠰᠢᠷ᠎ᠠ ᠳᠤᠰᠤ ᠲᠦᠷᠬᠢᠪᠡᠯ ᠢᠯᠡᠷᠡᠢ ᠪᠤᠯᠳᠠᠭ᠃ ᠭᠠᠷ ᠬᠠᠭᠠᠷᠠᠬᠤ | ᠦᠶ᠎ᠠ ᠳᠤ ᠰᠢᠷ᠎ᠠ ᠳᠤᠰᠤ ᠶᠢ ᠲᠦᠷᠬᠢᠬᠦ ᠪᠤᠶᠤ ᠬᠠᠯᠠᠭᠠᠵᠤ ᠳᠤᠰᠤᠭᠠᠪᠠᠯ ᠰᠠᠶᠢᠨ ᠪᠤᠯᠳᠠᠭ᠃ ᠰᠢᠷ᠎ᠠ ᠳᠤᠰᠤ ᠶᠢ | ᠴᠠᠰᠤᠨ ᠰᠢᠬᠢᠷ ᠲᠠᠢ ᠪᠤᠴᠠᠯᠭᠠᠵᠤ ᠤᠤᠭᠤᠪᠠᠯ ᠬᠠᠨᠢᠶᠠᠳᠤ ᠶᠢ ᠵᠠᠰᠠᠳᠠᠭ᠂ ᠰᠢᠷ᠎ᠠ ᠳᠤᠰᠤ ᠶᠢ ᠬᠠᠯᠠᠭᠠᠭᠰᠠᠠ | ᠰᠢᠷᠬᠠᠨ ᠳᠤ ᠲᠦᠷᠬᠢᠪᠡᠯ ᠰᠤᠷᠪᠢ ᠦᠯᠡᠳᠡᠬᠦ ᠦᠬᠡᠢ᠃ ᠬᠠᠮᠠᠷ ᠬᠠᠳᠠᠬᠤ ᠳᠤ ᠰᠢᠷ᠎ᠠ ᠳᠤᠰᠤ ᠶᠢ ᠬᠠᠮᠠᠷ ᠲᠠᠭᠠᠨ | ᠦᠨᠦᠷᠳᠤᠬᠦᠯᠪᠠᠯ ᠰᠠᠶᠢᠨ ᠪᠤᠯᠳᠠᠭ᠃ ᠴᠢᠬᠢᠨ ᠬᠤᠯᠬᠢ ᠬᠠᠳᠠᠬᠤ ᠪᠤᠶᠤ ᠴᠢᠬᠢ ᠡᠪᠡᠳᠪᠠᠯ ᠰᠢᠷ᠎ᠠ ᠳᠤᠰᠤ ᠬᠢᠬᠦ ᠪᠤᠶᠤ | ᠰᠢᠷ᠎ᠠ ᠳᠤᠰᠤ ᠲᠠᠢ ᠬᠦᠪᠤᠩ ᠢᠶᠠᠷ ᠴᠢᠬᠢ ᠪᠠᠨ ᠪᠦᠭᠯᠡᠪᠡᠯ ᠳᠤᠰᠠ ᠪᠤᠯᠳᠠᠭ᠃ ᠡᠬᠦᠨ ᠠᠴᠠ ᠭᠠᠳᠠᠨ᠎ᠠ ᠭᠠᠳᠠᠷ ᠢᠯᠢᠵᠤ | ᠨᠤᠬᠤᠯᠠᠬᠤ ᠳᠤ ᠬᠡᠷᠡᠭᠯᠡᠵᠤ᠂ ᠪᠠᠶ᠎ᠠ ᠲᠡᠬᠡᠷ᠎ᠠ ᠪᠠᠨ ᠲᠦᠷᠬᠢᠪᠡᠯ ᠭᠠᠶᠢᠬᠠᠮᠰᠢᠬᠳᠤ ᠤᠶᠢᠯᠠᠳᠤᠯ ᠲᠠᠢ ᠪᠠᠶᠢᠳᠠᠭ ᠶᠤᠮ᠃ | |