ᠰᠢᠨᠬᠤᠸᠠ ᠬᠤᠷᠢᠶᠠᠨ ᠤ ᠪᠡᠭᠡᠵᠢᠩ ᠤᠨ 4 ᠰᠠᠷ᠎ᠠ ᠶᠢᠨ 8 ᠤ ᠡᠳᠦᠷ ᠤᠨ ᠴᠠᠬᠢᠯᠭᠠᠨ ᠮᠡᠳᠡᠭᠡ ᠳᠦᠷᠤ ᠶᠢᠨ | ᠶᠠᠪᠤᠳᠠᠯ ᠤᠨ ᠬᠤᠷᠢᠶᠠᠨ ᠤ ᠶᠡᠷᠦᠩᠬᠡᠢ ᠰᠠᠶᠢᠳ ᠯᠢ ᠴᠢᠶᠠᠩ 4 ᠰᠠᠷ᠎ᠠ ᠶᠢᠨ 8 ᠤ ᠡᠳᠦᠷ ᠤᠨ ᠣᠢᠲᠠ ᠶᠢᠨ ᠬᠤᠶᠢᠨ᠎ᠠ | ᠦᠷᠣᠫᠠ ᠶᠢᠨ ᠬᠤᠯᠪᠣᠭ᠎ᠠ ᠶᠢᠨ ᠵᠦᠪᠯᠡᠯ ᠤᠨ ᠳᠡᠷᠢᠬᠦᠯᠡᠭᠴᠢ ᠹᠧᠩ ᠳ᠋ᠧ ᠯᠠᠢ ᠧᠨ ᠲᠠᠢ ᠤᠲᠠᠰᠤ ᠪᠠᠷ ᠶᠠᠷᠢᠯᠴᠠᠪᠠ᠃ | ᠯᠢ ᠴᠢᠶᠠᠩ᠂ ᠣᠳᠣᠬᠠᠨ ᠳᠤ᠂ ᠳᠤᠮᠳᠠᠳᠤ ᠧᠦ᠋ᠷᠣᠫᠠ ᠶᠢᠨ ᠬᠠᠷᠢᠯᠴᠠᠭ᠎ᠠ ᠲᠣᠭᠲᠠᠭᠤᠨ ᠤ ᠳᠤᠮᠳᠠ ᠰᠠᠶᠢᠵᠢᠷᠠᠬᠤ | ᠬᠠᠨᠳᠤᠰᠢ ᠲᠠᠢ ᠪᠠᠶᠢᠨ᠎ᠠ᠃ ᠡᠨᠡ ᠵᠢᠯ ᠪᠣᠯ ᠳᠤᠮᠳᠠᠳᠤ ᠧᠦ᠋ᠷᠣᠫᠠ ᠶᠢᠨ ᠬᠠᠷᠢᠯᠴᠠᠭ᠎ᠠ ᠪᠠᠶᠢᠭᠤᠯᠤᠭᠰᠠᠨ 50 ᠵᠢᠯ ᠤᠨ ᠣᠢ | ᠪᠣᠯᠤᠨ᠎ᠠ᠂ ᠬᠤᠶᠠᠷ ᠲᠠᠯ᠎ᠠ ᠶᠢᠨ ᠬᠠᠷᠢᠯᠴᠠᠭᠠᠨ ᠤ ᠬᠥᠭᠵᠢᠯᠲᠡ ᠳᠤ ᠴᠢᠬᠤᠯᠠ ᠠᠵᠠ ᠲᠣᠬᠢᠶᠠᠯ ᠲᠤᠯᠭᠠᠷᠠᠵᠤ ᠪᠠᠶᠢᠨ᠎ᠠ᠃ | ᠵᠢᠯ ᠤᠨ ᠡᠬᠢᠨ ᠳᠤ᠂ ᠲᠡᠷᠢᠭᠦᠯᠡᠭᠴᠢ ᠰᠢ ᠶᠢᠨ ᠫᠢᠩ ᠺᠣᠰᠲ᠋ᠠ ᠶᠢᠨ ᠲᠡᠷᠢᠭᠦᠯᠡᠭᠴᠢ ᠲᠠᠢ ᠤᠲᠠᠰᠤ ᠪᠠᠷ ᠶᠠᠷᠢᠯᠴᠠᠵᠤ᠂ | ᠳᠤᠮᠳᠠᠳᠤ ᠧᠦ᠋ᠷᠣᠫᠠ ᠶᠢᠨ ᠬᠠᠷᠢᠯᠴᠠᠭ᠎ᠠ ᠶᠢ ᠭᠦᠨᠵᠡᠭᠡᠶᠢᠷᠡᠭᠦᠯᠬᠦ ᠳᠤ ᠦᠨᠳᠦᠰᠦᠨ ᠬᠥᠭ ᠠᠶᠠᠰ ᠲᠠᠯᠪᠢᠵᠤ᠂ ᠴᠢᠭᠯᠡᠯ ᠢ | ᠲᠣᠳᠣᠷᠬᠠᠢ ᠵᠢᠭᠠᠵᠤ ᠥᠭᠴᠡᠢ᠃ ᠳᠤᠮᠳᠠᠳᠤ ᠤᠯᠤᠰ ᠪᠣᠯᠤᠨ ᠧᠦ᠋ᠷᠣᠫᠠ ᠶᠢᠨ ᠬᠤᠯᠪᠣᠭ᠎ᠠ ᠬᠠᠷᠢᠯᠴᠠᠨ ᠬᠠᠪᠰᠤᠷᠤᠯᠴᠠᠵᠤ | ᠬᠠᠷᠢᠯᠴᠠᠨ ᠬᠠᠮᠤᠭ ᠤᠨ ᠴᠢᠬᠤᠯᠠ ᠠᠷᠠᠯᠵᠢᠶᠠᠨ ᠤ ᠬᠠᠨᠢᠲᠠᠨ ᠪᠣᠯᠵᠣ᠂ ᠠᠵᠤ ᠠᠬᠤᠢ ᠶᠢᠨ ᠳᠡᠭᠡᠳᠦ ᠬᠡᠮᠵᠢᠶ᠎ᠡ ᠪᠠᠷ ᠬᠠᠷᠢᠯᠴᠠᠨ | ᠨᠥᠬᠦᠪᠥᠷᠢᠯᠡᠵᠦ᠂ ᠠᠰᠢᠭ ᠲᠤᠰᠠ ᠨᠢᠭᠲᠠ ᠠᠭᠤᠰᠤᠯᠴᠠᠪᠠ᠃ ᠳᠤᠮᠳᠠᠳᠤ ᠤᠯᠤᠰ ᠳᠤᠷᠠᠲᠠᠶ᠎ᠠ ᠧᠦ᠋ᠷᠣᠫᠠ ᠶᠢᠨ | ᠲᠠᠯ᠎ᠠ ᠶᠢᠨ ᠬᠢᠨ ᠲᠠᠢ ᠭᠠᠷ ᠬᠤᠯᠪᠣᠯᠴᠠᠨ ᠴᠢᠷᠮᠠᠶᠢᠵᠤ᠂ ᠰᠠᠶᠢᠨ ᠰᠠᠶᠢᠬᠠᠨ ᠰᠠᠭᠠᠳ ᠦᠭᠡᠢ ᠳᠡᠭᠡᠳᠦ ᠳᠠᠪᠬᠤᠷᠭ᠎ᠠ ᠶᠢᠨ | ᠶᠠᠪᠤᠯᠴᠠᠭ᠎ᠠ ᠪᠠᠨ ᠪᠠᠲᠤᠯᠠᠵᠤ᠂ ᠤᠯᠤᠰ ᠲᠥᠷᠥ ᠶᠢᠨ ᠢᠲᠡᠭᠡᠯᠴᠡᠭᠡ ᠪᠠᠨ ᠨᠡᠮᠡᠭᠳᠡᠭᠦᠯᠵᠦ᠂ ᠪᠣᠳᠠᠲᠠᠢ ᠶᠢ ᠡᠷᠬᠢᠮᠯᠡᠭᠰᠡᠨ | ᠬᠠᠮᠲᠤᠷᠠᠯᠴᠠᠭ᠎ᠠ ᠪᠠᠨ ᠥᠷᠭᠡᠳᠬᠡᠵᠦ᠂ ᠶᠠᠷᠢᠯᠴᠠᠭ᠎ᠠ ᠪᠠᠷ ᠳᠠᠮᠵᠢᠨ ᠵᠥᠪᠳᠡᠯᠴᠡᠵᠦ ᠪᠠᠶᠢᠭᠠᠳ ᠥᠪᠡᠷ ᠥᠪᠡᠷ ᠤᠨ ᠠᠩᠬᠠᠷᠴᠤ | ᠪᠠᠶᠢᠭ᠎ᠠ ᠠᠰᠠᠭᠤᠳᠠᠯ ᠢᠶᠠᠨ ᠰᠢᠢᠳᠪᠦᠷᠢᠯᠡᠬᠦ ᠶᠢ ᠪᠠᠷᠢᠮᠲᠠᠯᠠᠵᠤ᠂ ᠳᠤᠮᠳᠠᠳᠤ ᠧᠦ᠋ᠷᠣᠫᠠ ᠶᠢᠨ ᠬᠠᠷᠢᠯᠴᠠᠭ᠎ᠠ ᠶᠢᠨ ᠲᠠᠰᠤᠷᠠᠯᠳᠠ | ᠦᠭᠡᠢ ᠰᠠᠶᠢᠵᠢᠷᠠᠬᠤ᠂ ᠤᠷᠤᠭᠰᠢ ᠬᠥᠭᠵᠢᠬᠦ ᠶᠢ ᠠᠬᠢᠭᠤᠯᠤᠨ᠎ᠠ᠃ ᠬᠤᠶᠠᠷ ᠲᠠᠯ᠎ᠠ ᠪᠠᠷ ᠢᠶᠠᠨ ᠰᠢᠨ᠎ᠡ ᠨᠢᠭᠡ ᠤᠳᠠᠭᠠᠨ ᠤ | ᠳᠤᠮᠳᠠᠳᠤ ᠧᠦ᠋ᠷᠣᠫᠠ ᠶᠢᠨ ᠪᠠᠶᠢᠯᠳᠤᠬᠤ ᠪᠣᠳᠣᠯᠭ᠎ᠠ᠂ ᠠᠵᠤ ᠠᠬᠤᠢ ᠠᠷᠠᠯᠵᠢᠶ᠎ᠠ᠂ ᠪᠣᠬᠢᠷᠲᠤᠯ ᠦᠭᠡᠢ ᠲᠣᠭᠠᠴᠢᠯᠠᠭᠰᠠᠨ | ᠬᠦᠷᠢᠶᠡᠨ ᠤ ᠳᠡᠭᠡᠳᠦ ᠳᠠᠪᠬᠤᠷᠭ᠎ᠠ ᠶᠢᠨ ᠶᠠᠷᠢᠯᠴᠠᠭ᠎ᠠ ᠶᠢ ᠡᠷᠲᠡᠬᠡᠨ ᠶᠠᠪᠤᠭᠳᠠᠭᠤᠯᠬᠤ ᠪᠠᠷ ᠴᠢᠷᠮᠠᠶᠢᠨ᠎ᠠ᠃ | ᠯᠢ ᠴᠢᠶᠠᠩ ᠵᠢᠭᠠᠵᠤ ᠭᠠᠷᠭᠠᠭᠰᠠᠨ ᠨᠢ᠂ ᠣᠶᠢᠷ᠎ᠠ ᠳᠤ᠂ ᠠᠮᠧᠷᠢᠺᠠ ᠡᠯ᠎ᠡ ᠵᠦᠢᠯ ᠤᠨ ᠱᠢᠯᠲᠠᠭ ᠢᠶᠠᠷ ᠳᠤᠮᠳᠠᠳᠤ | ᠧᠦ᠋ᠷᠣᠫᠠ ᠶᠢ ᠪᠠᠭᠲᠠᠭᠠᠭᠰᠠᠨ ᠪᠤᠢ ᠪᠦᠬᠦᠢ ᠠᠷᠠᠯᠵᠢᠶᠠᠨ ᠤ ᠬᠠᠨᠢᠲᠠᠨ ᠳᠤ ᠳᠤᠷ᠎ᠠ ᠪᠠᠷ ᠢᠶᠠᠨ ᠪᠣᠭᠤᠮᠲᠠ ᠶᠢᠨ ᠭᠠᠶᠢᠯᠢ | ᠲᠤᠱᠢᠶᠠᠬᠤ ᠶᠢ ᠨᠡᠶᠢᠲᠡᠯᠡᠭᠰᠡᠨ ᠶᠠᠪᠤᠳᠠᠯ ᠪᠣᠯ ᠨᠡᠶᠢᠲᠡᠯᠢᠭ ᠭᠠᠭᠴᠠ ᠲᠠᠯᠠᠲᠤ ᠦᠵᠡᠯ᠂ ᠬᠠᠮᠠᠭᠠᠯᠠᠬᠤ ᠦᠵᠡᠯ ᠪᠠ ᠠᠵᠤ | ᠠᠬᠤᠢ ᠶᠢᠨ ᠡᠵᠡᠷᠬᠡᠭ ᠠᠵᠢᠯᠯᠠᠭ᠎ᠠ ᠪᠣᠯᠤᠨ᠎ᠠ᠃ ᠳᠤᠮᠳᠠᠳᠤ ᠤᠯᠤᠰ ᠤᠨ ᠲᠠᠯ᠎ᠠ ᠠᠴᠠ ᠠᠪᠤᠭᠰᠠᠨ ᠡᠷᠡᠰ ᠰᠢᠭᠤᠷᠬᠠᠢ ᠠᠷᠭ᠎ᠠ | ᠬᠡᠮᠵᠢᠶ᠎ᠡ ᠪᠣᠯ ᠣᠢᠪᠡᠷ ᠤᠨ ᠡᠷᠬᠡ ᠮᠡᠳᠡᠯ ᠤᠨ ᠠᠮᠤᠷ ᠳᠦᠪᠰᠢᠠ ᠬᠦᠢᠭᠵᠢᠯᠲᠠ ᠶᠢᠨ ᠠᠰᠢᠭ ᠲᠤᠰᠠ ᠶᠢ ᠬᠠᠮᠠᠭᠠᠯᠠᠬᠤ ᠶᠢᠨ | ᠳᠦᠯᠣᠭᠡ ᠮᠦᠷᠲᠠᠭᠠ ᠪᠠᠰᠠ ᠴᠤ ᠣᠯᠠᠨ ᠤᠯᠤᠰ ᠤᠨ ᠠᠷᠠᠯᠵᠢᠶᠠᠨ ᠤ ᠳᠦᠷᠢᠮ ᠪᠠ ᠣᠯᠠᠨ ᠤᠯᠤᠰ ᠤᠨ ᠳᠦᠪ ᠭᠤᠣᠯᠴᠢ | ᠰᠢᠳᠤᠷᠭᠤ ᠶᠣᠰᠣ ᠶᠢ ᠬᠠᠮᠠᠭᠠᠯᠠᠬᠤ ᠶᠢᠨ ᠳᠦᠯᠣᠭᠡ ᠶᠤᠮ ᠭᠡᠵᠡᠢ᠃ ᠬᠥᠮᠦᠨ ᠲᠥᠷᠥᠯᠬᠢᠲᠡᠨ ᠠᠳᠠᠯᠢ ᠨᠢᠭᠡᠨ ᠳᠡᠯᠡᠬᠡᠢ ᠶᠢᠨ | ᠪᠥᠮᠪᠥᠷᠴᠡᠭ ᠤᠨ ᠲᠣᠰᠬᠤᠨ ᠳᠤ ᠠᠮᠢᠳᠤᠷᠠᠵᠤ ᠪᠠᠶᠢᠨ᠎ᠠ᠂ ᠠᠯᠢ ᠴᠤ ᠤᠯᠤᠰ ᠭᠡᠳ ᠭᠠᠭᠴᠠᠭᠠᠷ ᠪᠡᠶ᠎ᠡ ᠪᠠᠨ ᠴᠢᠳᠠᠮᠠᠭᠠᠢ | ᠠᠰᠢᠭᠯᠠᠵᠤ ᠪᠣᠯᠬᠤ ᠦᠭᠡᠢ᠂ ᠬᠠᠮᠠᠭᠠᠯᠠᠬᠤ ᠦᠵᠡᠯ ᠭᠠᠷᠬᠤ ᠵᠠᠮ ᠦᠭᠡᠢ᠂ ᠨᠡᠭᠡᠭᠡᠯᠲᠡ ᠬᠢᠵᠦ ᠬᠠᠮᠲᠤᠷᠠᠯᠴᠠᠬᠤ ᠪᠣᠯ ᠰᠠᠶ᠋ᠢ | ᠬᠥᠮᠦᠨ ᠤ ᠶᠢᠷᠲᠢᠨᠴᠦ ᠶᠢᠨ ᠲᠥᠪ ᠶᠣᠰᠣ ᠮᠥᠨ᠃ ᠳᠤᠮᠳᠠᠳᠤ ᠧᠦ᠋ᠷᠣᠫᠠ ᠪᠣᠯ ᠴᠥᠮ ᠠᠵᠤ ᠠᠬᠤᠢ ᠶᠢᠨ ᠳᠡᠯᠡᠬᠡᠶᠢᠵᠢᠯᠲᠡ | ᠪᠠ ᠠᠷᠠᠯᠵᠢᠶᠠᠨ ᠤ ᠴᠢᠯᠥᠭᠡᠵᠢᠯᠲᠡ ᠶᠢᠨ ᠰᠠᠨᠠᠭᠠᠴᠢᠯᠠᠭᠴᠢ᠂ ᠳᠡᠯᠡᠬᠡᠢ ᠶᠢᠨ ᠠᠷᠠᠯᠵᠢᠶᠠᠨ ᠤ ᠵᠣᠬᠢᠶᠠᠨ ᠪᠠᠶᠢᠭᠤᠯᠤᠯᠲᠠ ᠶᠢᠨ | ᠡᠷᠡᠰ ᠪᠠᠲᠤ ᠬᠠᠮᠠᠭᠠᠯᠠᠭᠴᠢᠳ ᠪᠠ ᠳᠡᠮᠵᠢᠭᠴᠢ ᠮᠥᠨ᠂ ᠣᠯᠤᠯᠴᠠᠭ᠎ᠠ ᠵᠣᠬᠢᠴᠠᠭᠤᠯᠭ᠎ᠠ ᠪᠠᠨ ᠴᠢᠩᠭᠠᠳᠬᠠᠵᠤ᠂ ᠬᠠᠷᠢᠯᠴᠠᠨ | ᠨᠡᠭᠡᠭᠡᠯᠲᠡ ᠪᠠᠨ ᠥᠷᠭᠡᠳᠬᠡᠵᠦ᠂ ᠴᠢᠯᠥᠭᠡᠲᠦ ᠨᠡᠭᠡᠭᠡᠯᠲᠡᠲᠦ ᠠᠷᠠᠯᠵᠢᠶᠠᠨ ᠤ ᠪᠡᠯᠡ ᠣᠷᠣᠭᠤᠯᠤᠯᠲᠠ ᠶᠢ ᠬᠠᠮᠲᠤ ᠪᠠᠷ | ᠬᠠᠮᠠᠭᠠᠯᠠᠵᠤ᠂ ᠪᠦᠬᠦ ᠪᠥᠮᠪᠥᠷᠴᠡᠭ ᠤᠨ ᠠᠵᠤ ᠦᠢᠯᠡᠰ ᠤᠨ ᠬᠡᠯᠬᠢᠶ᠎ᠡ ᠬᠠᠩᠭᠠᠯᠭ᠎ᠠ ᠶᠢᠨ ᠬᠡᠯᠬᠢᠶ᠎ᠡ ᠶᠢᠨ ᠲᠣᠭᠲᠠᠭᠤᠨ ᠪᠥᠭᠡᠳ | ᠰᠠᠭᠠᠳ ᠦᠭᠡᠢ ᠨᠡᠪᠲᠡᠷᠡᠬᠦ ᠶᠢ ᠬᠠᠮᠠᠭᠠᠯᠠᠵᠤ᠂ ᠬᠤᠶᠠᠷ ᠲᠠᠯ᠎ᠠ ᠪᠠ ᠳᠡᠯᠡᠬᠡᠢ ᠶᠢᠨ ᠠᠵᠤ ᠠᠬᠤᠢ ᠳᠤ ᠨᠡᠩ ᠣᠯᠠᠨ | ᠲᠣᠭᠲᠠᠪᠤᠷᠢᠲᠤ ᠴᠢᠨᠠᠷ᠂ ᠲᠣᠭᠲᠠᠪᠤᠷᠢ ᠴᠢᠨᠠᠷ ᠨᠡᠮᠡᠷᠢᠯᠡᠪᠡᠯ ᠵᠣᠬᠢᠨ᠎ᠠ᠃ ᠳᠤᠮᠳᠠᠳᠤ ᠤᠯᠤᠰ ᠤᠨ ᠡᠨᠡ ᠵᠢᠯ ᠤᠨ ᠬᠤᠷᠸ᠎ᠠ | ᠲᠥᠷᠥ ᠶᠢᠨ ᠪᠣᠳᠣᠯᠭ᠎ᠠ ᠨᠢ ᠡᠯ᠎ᠡ ᠵᠦᠢᠯ ᠤᠨ ᠲᠣᠭᠲᠠᠭᠠᠯᠲᠤ ᠪᠤᠰᠤ ᠬᠦᠴᠦᠨ ᠵᠦᠢᠯ ᠢ ᠭᠦᠢᠴᠡᠳ ᠪᠣᠳᠣᠯᠬᠢᠯᠠᠭᠰᠠᠨ ᠪᠥᠭᠡᠳ | ᠭᠦᠢᠴᠡᠳ ᠨᠥᠭᠡᠴᠡᠯᠡᠬᠦ ᠲᠥᠷᠥ ᠶᠢᠨ ᠪᠣᠳᠣᠯᠭ᠎ᠠ ᠶᠢᠨ ᠪᠠᠭᠠᠵᠢ ᠪᠠᠶᠢᠵᠤ᠂ ᠭᠠᠳᠠᠭᠠᠳᠤ ᠲᠠᠯ᠎ᠠ ᠶᠢᠨ ᠠᠰᠢᠭ ᠦᠭᠡᠢ | ᠨᠥᠯᠥᠭᠡ ᠶᠢ ᠪᠦᠷᠢᠮᠦᠰᠦᠨ ᠪᠠᠭᠠᠰᠬᠠᠵᠤ᠂ ᠲᠤᠰ ᠪᠡᠶ᠎ᠡ ᠶᠢᠨ ᠠᠵᠤ ᠠᠬᠤᠢ ᠶᠢᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠶᠢ | ᠪᠠᠲᠤᠯᠠᠬᠤ ᠳᠤ ᠢᠲᠡᠭᠡᠯ ᠲᠡᠭᠦᠯᠳᠡᠷ ᠪᠠᠶᠢᠨ᠎ᠠ᠃ ᠳᠤᠮᠳᠠᠳᠤ ᠤᠯᠤᠰ ᠦᠷᠭᠦᠯᠵᠢᠯᠡᠨ ᠡᠷᠡᠰ ᠭᠤᠶᠢᠪᠢᠰᠢ ᠦᠭᠡᠢ ᠪᠠᠷ | ᠨᠡᠭᠡᠭᠡᠯᠲᠡ ᠪᠠᠨ ᠥᠷᠭᠡᠳᠬᠡᠵᠦ᠂ ᠧᠦ᠋ᠷᠣᠫᠠ ᠶᠢᠨ ᠬᠤᠯᠪᠣᠭ᠎ᠠ ᠶᠢ ᠪᠠᠭᠲᠠᠭᠠᠭᠰᠠᠨ ᠳᠡᠯᠡᠬᠡᠢ ᠶᠢᠨ ᠡᠯ᠎ᠡ ᠤᠯᠤᠰ ᠯᠤᠭ᠎ᠠ | ᠬᠠᠮᠲᠤᠷᠠᠯᠴᠠᠭ᠎ᠠ ᠪᠠᠨ ᠴᠢᠩᠭᠠᠳᠬᠠᠵᠤ᠂ ᠬᠥᠭᠵᠢᠯᠲᠡ ᠶᠢᠨ ᠠᠵᠠ ᠲᠣᠬᠢᠶᠠᠯ ᠢ ᠬᠠᠮᠲᠤ ᠪᠠᠷ ᠡᠳ᠋ᠯᠡᠨ᠎ᠡ᠃ | ᠹᠧᠩ ᠳ᠋ᠧ ᠯᠠᠢ ᠧᠨ ᠢᠯᠡᠷᠬᠡᠶᠢᠯᠡᠬᠦ ᠳᠡᠭᠡᠨ᠂ ᠧᠦ᠋ᠷᠣᠫᠠ ᠶᠢᠨ ᠬᠤᠯᠪᠣᠭ᠎ᠠ᠂ ᠳᠤᠮᠳᠠᠳᠤ ᠤᠯᠤᠰ ᠯᠤᠭ᠎ᠠ ᠶᠢᠨ | ᠬᠠᠷᠢᠴᠠᠭ᠎ᠠ ᠶᠢ ᠢᠮᠠᠭᠲᠠ ᠴᠢᠬᠤᠯᠠᠴᠢᠯᠠᠭᠰᠠᠭᠠᠷ᠃ ᠣᠳᠣᠬᠠᠨ ᠤ ᠪᠠᠶᠢᠳᠠᠯ ᠳᠣᠣᠷ᠎ᠠ᠂ ᠧᠦ᠋ᠷᠣᠫᠠ ᠳᠤᠮᠳᠠᠳᠤ ᠶᠢᠨ | ᠬᠠᠷᠢᠯᠴᠠᠭ᠎ᠠ ᠦᠷᠭᠦᠯᠵᠢᠯᠡᠯᠳᠦ ᠴᠢᠨᠠᠷ᠂ ᠲᠣᠭᠲᠠᠪᠤᠷᠢᠲᠤ ᠴᠢᠨᠠᠷ ᠢ ᠪᠠᠲᠤᠯᠠᠬᠤ ᠨᠢ ᠲᠦᠢᠯ ᠤᠨ ᠴᠢᠬᠤᠯᠠ ᠶᠤᠮ᠃ | ᠧᠦ᠋ᠷᠣᠫᠠ ᠶᠢᠨ ᠲᠠᠯ᠎ᠠ᠂ ᠧᠦ᠋ᠷᠣᠫᠠ ᠳᠤᠮᠳᠠᠳᠤ ᠶᠢᠨ ᠰᠢᠨ᠎ᠡ ᠨᠢᠭᠡ ᠤᠳᠠᠭᠠᠨ ᠤ ᠤᠳᠤᠷᠢᠳᠤᠭᠴᠢᠳ ᠤᠨ ᠠᠭᠤᠯᠵᠠᠯᠲᠠ | ᠬᠢᠵᠦ ᠥᠩᠭᠡᠷᠡᠭᠰᠡᠨ ᠢᠶᠠᠨ ᠳ᠋ᠦᠩᠨᠡᠵᠦ᠂ ᠢᠷᠡᠭᠡᠳᠦᠢ ᠪᠠᠨ ᠪᠠᠷᠠᠯᠠᠬᠤᠶ᠎ᠠ᠂ ᠬᠠᠮᠲᠤᠪᠠᠷ ᠧᠦ᠋ᠷᠣᠫᠠ ᠳᠤᠮᠳᠠᠳᠤ ᠶᠢᠨ ᠬᠠᠷᠢᠴᠠᠭ᠎ᠠ | ᠪᠠᠶᠢᠭᠤᠯᠤᠭᠰᠠᠨ 5 ᠣ ᠵᠢᠯ ᠤᠨ ᠣᠢ ᠶᠢ ᠪᠡᠯᠭᠡᠯᠡᠶ᠎ᠡ ᠭᠡᠵᠦ ᠶᠠᠷᠢᠯ᠎ᠠ᠃ ᠧᠦ᠋ᠷᠣᠫᠠ ᠶᠢᠨ ᠲᠠᠯ᠎ᠠ ᠳᠤᠷᠠᠲᠠᠶ᠎ᠠ ᠳᠤᠮᠳᠠᠳᠤ | ᠤᠯᠤᠰ ᠯᠤᠭ᠎ᠠ ᠡᠯ᠎ᠡ ᠬᠦᠷᠢᠶᠡᠨ ᠤ ᠳᠡᠭᠡᠳᠦ ᠳᠠᠪᠬᠤᠷᠭ᠎ᠠ ᠶᠢᠨ ᠶᠠᠷᠢᠯᠴᠠᠭ᠎ᠠ ᠶᠢ ᠠᠬᠢᠭᠤᠯᠵᠤ᠂ ᠠᠵᠤ ᠠᠬᠤᠢ ᠠᠷᠠᠯᠵᠢᠶ᠎ᠠ᠂ | ᠪᠣᠬᠢᠷᠲᠤᠯ ᠦᠭᠡᠢ ᠠᠵᠤ ᠠᠬᠤᠢ᠂ ᠠᠭᠤᠷ ᠠᠮᠢᠰᠬᠤᠯ ᠤᠨ ᠬᠤᠪᠢᠷᠠᠯᠲᠠ ᠵᠡᠷᠭᠡ ᠬᠦᠷᠢᠶᠡᠨ ᠤ ᠬᠠᠷᠢᠯᠴᠠᠨ ᠠᠰᠢᠭᠲᠠᠢ | ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠦᠨ᠎ᠡ᠃ ᠠᠮᠧᠷᠢᠺᠠ ᠶᠢᠨ ᠪᠣᠭᠤᠮᠲᠠ ᠶᠢᠨ ᠭᠠᠶᠢᠯᠢ ᠨᠡᠮᠡᠵᠦ ᠲᠠᠲᠠᠪᠤᠷᠢᠯᠠᠬᠤ ᠨᠢ ᠣᠯᠠᠨ | ᠤᠯᠤᠰ ᠤᠨ ᠠᠷᠠᠯᠵᠢᠶ᠎ᠠ ᠶᠢ ᠬᠦᠨᠳᠦ ᠨᠣᠴᠢᠲᠠᠢ ᠳᠠᠭᠠᠷᠢᠵᠤ ᠧᠦ᠋ᠷᠣᠫᠠ ᠳᠤᠮᠳᠠᠳᠤ ᠵᠢᠴᠢ ᠪᠠᠭᠤᠷᠠᠢ ᠤᠯᠤᠰ ᠲᠤ ᠬᠦᠨᠳᠦ | ᠨᠣᠴᠢᠲᠠᠢ ᠨᠥᠯᠥᠭᠡ ᠦᠵᠡᠭᠦᠯᠵᠦ ᠪᠠᠶᠢᠨ᠎ᠠ᠃ ᠧᠦ᠋ᠷᠣᠫᠠ ᠳᠤᠮᠳᠠᠳᠤ ᠳᠡᠯᠡᠬᠡᠢ ᠶᠢᠨ ᠠᠷᠠᠯᠵᠢᠶᠠᠨ ᠤ ᠵᠣᠬᠢᠶᠠᠨ | ᠪᠠᠶᠢᠭᠤᠯᠤᠯᠲᠠ ᠪᠠᠷ ᠭᠤᠣᠯ᠂ ᠡᠷᠬᠡ ᠲᠡᠭᠰᠢ ᠡᠷᠬᠡ ᠴᠢᠯᠥᠭᠡ ᠲᠠᠢ ᠣᠯᠠᠨ ᠲᠠᠯᠠᠲᠤ ᠠᠷᠠᠯᠵᠢᠶᠠᠨ ᠤ ᠪᠠᠶᠢᠭᠤᠯᠤᠮᠵᠢ ᠶᠢ | ᠬᠠᠮᠠᠭᠠᠯᠠᠵᠤ᠂ ᠪᠥᠮᠪᠥᠷᠴᠡᠭ ᠤᠨ ᠠᠵᠤ ᠠᠬᠤᠢ ᠠᠷᠠᠯᠵᠢᠶᠠᠨ ᠤ ᠬᠠᠷᠢᠴᠠᠭᠠᠨ ᠤ ᠡᠷᠡᠭᠦᠯ ᠲᠣᠭᠲᠠᠭᠤᠨ ᠬᠥᠭᠵᠢᠯᠲᠡ ᠶᠢ | ᠬᠠᠮᠠᠭᠠᠯᠠᠬᠤ ᠪᠠᠷ ᠴᠢᠷᠮᠠᠶᠢᠨ᠎ᠠ᠂ ᠡᠨᠡ ᠨᠢ ᠬᠤᠶᠠᠷ ᠲᠠᠯ᠎ᠠ ᠪᠣᠯᠤᠨ ᠳᠡᠯᠡᠬᠡᠢ ᠶᠢᠨ ᠬᠠᠮᠲᠤ ᠶᠢᠨ ᠠᠰᠢᠭ ᠲᠤᠰᠠ ᠳᠤ ᠨᠡᠶᠢᠴᠡᠨ᠎ᠡ᠃ | |