— ︽ᠬᠤᠩᠱᠠᠨ ᠰᠣᠶᠣᠯ︾ ᠢ ᠨᠡᠷᠡᠶᠢᠳᠦᠭᠰᠡᠨ ᠳᠠᠯᠠᠨ ᠵᠢᠯ ᠤᠨ ᠣᠶ ᠶᠢᠨ ᠰᠢᠷᠢᠰ ᠮᠡᠳᠡᠭᠡᠯᠡᠯ | ︵ᠬᠤᠶᠠᠷ︶ | ᠡᠬᠡ ᠭᠠᠵᠠᠷ ᠲᠦᠮᠡᠨ ᠪᠣᠳᠠᠰ ᠢ ᠬᠠᠯᠠᠭᠤᠨ ᠡᠯᠢᠭᠡᠨ ᠳᠡᠭᠡᠨ ᠲᠡᠪᠡᠷᠢᠨᠠ᠃ ᠲᠡᠭᠡᠬᠦᠯᠡᠷ ᠮᠢᠩᠭᠠᠨ ᠲᠦᠮᠡᠨ ᠵᠢᠯ | ᠠᠯᠤᠰᠯᠠᠭᠳᠠᠭᠰᠠᠨ ᠴᠤ ᠭᠠᠵᠠᠷ ᠤᠨ ᠲᠠᠪᠬᠤᠷᠭ᠎ᠠ ᠶᠢ ᠲᠡᠯᠭᠡᠬᠦ ᠲᠠᠢ ᠵᠡᠷᠭᠡ ᠨᠢᠭᠡᠨ ᠰᠣᠯᠣᠩᠭᠠᠳᠤ ᠵᠢᠷᠲᠢᠨᠴᠦ ᠢᠯᠡᠷᠡᠨ᠎ᠡ | ᠃ | ᠵᠢᠵᠢᠭ ᠬᠤᠰᠤᠭᠤᠷ ᠢᠶᠠᠷ ᠪᠣᠯᠪᠠᠰᠤᠨ ᠤ ᠦᠩ ᠰᠢᠮᠡᠯᠢᠭ ᠬᠥᠷᠥᠰᠥ ᠶᠢ ᠬᠠᠶᠢᠨ ᠰᠢᠨᠵᠢᠯᠡᠳᠡᠭ ᠬᠠᠭᠤᠴᠢ | ᠰᠤᠳᠤᠯᠤᠭᠴᠢ ᠨᠠᠷ ᠡᠷᠲᠡᠨ ᠤ ᠪᠣᠯᠪᠠᠰᠤᠨ ᠤ ᠨᠢᠭᠤᠴᠠ ᠤᠨᠢᠰᠤᠭ᠎ᠠ ᠶᠢ ᠲᠠᠰᠤᠷᠠᠯᠲᠠ ᠥᠬᠡᠶ ᠲᠠᠶᠢᠯᠵᠤ᠂ ᠲᠡᠦᠬᠡ | ᠶᠠᠷᠢᠨ᠂ ᠲᠡᠦᠬᠡ ᠶᠢᠨ ᠳᠤᠷᠠᠰᠬᠠᠯᠲᠤ ᠵᠦᠢᠯᠡᠰ ᠢ ᠢᠯᠡᠷᠡᠭᠦᠯᠵᠦ᠂ ᠢᠲᠡᠭᠡᠯ ᠪᠢᠰᠢᠷᠡᠯ ᠲᠠᠢ ᠳᠤᠮᠳᠠᠳᠤ ᠶᠢᠨ ᠲᠡᠦᠬᠡ ᠪᠠ | ᠬᠡᠷᠡᠯ ᠰᠠᠴᠤᠷᠠᠩᠭᠤᠶ ᠰᠣᠶᠣᠯ ᠢ ᠡᠷᠢᠯᠬᠢᠯᠡᠨ᠎ᠡ᠃ | ᠬᠠᠭᠤᠴᠢ ᠰᠤᠳᠤᠯᠤᠭᠴᠢ ᠭᠦᠸᠧ ᠳ᠋ᠡ ᠱᠦᠨ ᠠᠪᠤᠭᠠᠢ ᠵᠢᠷᠭᠤᠭᠠᠨ ᠦᠰᠦᠭ ᠢᠶᠠᠷ ᠬᠤᠩᠱᠠᠨ ᠰᠣᠶᠣᠯ ᠢ | ᠬᠤᠷᠢᠶᠠᠩᠭᠤᠶᠢᠯᠠᠵᠤ ᠥᠩᠭᠡᠷᠡᠪᠡ᠄ ᠮᠠᠨᠳᠠᠯ ᠰᠦᠮ᠎ᠡ ᠪᠤᠯᠠᠰᠢ᠂ ᠬᠠᠰ ᠯᠣᠣ ᠭᠠᠷᠤᠳᠢ᠃ ︽ᠡᠨᠡ ᠵᠢᠷᠭᠤᠭᠠᠨ | ᠦᠰᠦᠭ ᠨᠢ ᠳᠤᠮᠳᠠᠳᠤ ᠶᠢᠨ ᠤᠯᠠᠮᠵᠢᠯᠠᠯᠲᠤ ᠰᠣᠶᠣᠯ ᠤᠨ ᠵᠢᠷᠭᠤᠭᠠᠨ ᠡᠯᠧᠮᠧᠨ᠋ᠲ ᠢ ᠲᠥᠯᠥᠭᠡᠯᠡᠵᠦ ᠪᠠᠶᠢᠨ᠎ᠠ︾ ᠭᠡᠵᠡᠢ | ᠃ | ᠬᠤᠩᠱᠠᠨ ᠰᠣᠶᠣᠯ ᠪᠣᠯ ᠳᠠᠷᠤᠶ ᠤᠯᠠᠮᠵᠢᠯᠠᠯᠳᠤ ᠬᠠᠰ ᠡᠳ᠋ᠯᠡᠯ᠂ ᠶᠣᠰᠣᠯᠠᠯᠲᠤ ᠪᠠᠷᠢᠯᠭ᠎ᠠ ᠪᠠᠷ ᠢᠶᠠᠨ ᠤᠯᠤᠰ ᠤᠨ | ᠳᠣᠲᠣᠭᠠᠳᠤ ᠭᠠᠳᠠᠭᠠᠳᠤ ᠳᠤ ᠠᠯᠳᠠᠷᠲᠠᠶ ᠶᠤᠮ᠃ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ | ᠰᠤᠳᠤᠯᠤᠯ ᠤᠨ ᠬᠦᠷᠢᠶᠡᠯᠡᠩ ᠤᠨ ᠲᠥᠷᠥᠯ ᠵᠦᠢᠯ ᠤᠨ ᠪᠦᠯᠬᠦᠮ 2024 ᠣᠨ ᠤ 4 ᠰᠠᠷ᠎ᠠ ᠠᠴᠠ ᠡᠬᠢᠯᠡᠵᠦ᠂ 4 | ᠰᠠᠷ᠎ᠠ ᠰᠢᠬᠠᠮ ᠮᠠᠯᠲᠠᠭᠠᠳ ᠤᠯᠠᠭᠠᠨᠬᠠᠳᠠ ᠬᠤᠲᠠ ᠶᠢᠨ ᠠᠤᠬᠠᠨ ᠬᠤᠰᠢᠭᠤᠨ ᠳᠤ ᠨᠢᠭᠡ ᠴᠢᠯᠠᠭᠤᠨ ᠤᠩᠭᠤᠨ ᠢ | ᠢᠯᠡᠷᠡᠬᠦᠯᠵᠦ᠂ ᠵᠠᠭᠤ ᠭᠠᠷᠤᠶ ᠬᠠᠰ ᠡᠳ᠋ᠯᠡᠯ ᠢ ᠨᠢᠭᠡ ᠯᠡ ᠤᠳᠠᠭ᠎ᠠ ᠳᠤ ᠢᠯᠡᠷᠡᠭᠦᠯᠦᠭᠰᠡᠨ ᠨᠢ ᠨᠢᠭᠡ ᠤᠳᠠᠭᠠᠨ ᠤ | ᠠᠰᠢᠭᠲᠠᠶ ᠭᠡᠷᠡᠴᠢ ᠪᠣᠯᠵᠠᠶ᠃ | ᠠᠯᠳᠠᠨ ᠨᠠᠮᠤᠷ ᠢᠶᠠᠷ ᠣᠩᠨᠢᠭᠤᠳ ᠬᠤᠰᠢᠭᠤᠨ ᠤ ᠰᠠᠶᠢᠴᠢᠨᠲᠠᠯᠠ ᠲᠣᠰᠬᠤᠨ ᠤ ︽ᠨᠣᠮᠢᠨ ᠬᠠᠰ ᠯᠣᠣ ᠶᠢ | ᠮᠠᠯᠳᠠᠵᠤ ᠭᠠᠷᠭᠠᠭᠰᠠᠨ ᠭᠠᠵᠠᠷ︾ ᠭᠡᠵᠦ ᠰᠡᠶᠢᠯᠦᠭᠰᠡᠨ ᠴᠢᠯᠠᠭᠤᠨ ᠬᠥᠰᠢ᠊ ᠡᠶ᠎ᠡ ᠨᠢ ᠤᠢ ᠶᠢᠨ ᠳᠤᠮᠳᠠ ᠤᠨᠴᠠ ᠶᠢᠨ | ᠢᠯᠠᠳᠠᠢ ᠬᠠᠷᠠᠭᠳᠠᠨ᠎ᠠ᠃ ᠤᠯᠤᠰ ᠤᠨ ᠳᠣᠲᠣᠭᠠᠳᠤ ᠭᠠᠳᠠᠭᠠᠳᠤ ᠳᠤ ᠠᠯᠳᠠᠷᠳᠠᠢ ︽ᠳᠤᠮᠳᠠᠳᠤ ᠶᠢᠨ ᠠᠩᠬᠠᠨ ᠤ ᠯᠣᠣ | ︾ ᠲᠠᠷᠤᠢ ᠠᠳᠡ ᠠᠴᠠ ᠭᠠᠷᠤᠯᠳᠠᠢ᠃ ᠲᠡᠭᠦᠨ ᠤ ᠨᠢᠳᠦ ᠨᠢ ᠪᠠᠮᠪᠠᠷ ᠮᠡᠲᠦ᠂ ᠬᠦᠵᠦᠭᠦᠨ ᠳᠡᠭᠡᠷᠡᠬᠢ ᠦᠰᠦ ᠨᠢ ᠳᠡᠯ | ᠮᠡᠲᠦ᠂ ᠣᠭᠲᠠᠷᠭᠤᠶ ᠳᠤ ᠲᠡᠭᠦᠯᠢᠨ ᠨᠢᠰᠭᠦ ᠮᠡᠲᠦ ᠪᠠᠶᠢᠳᠠᠯ ᠲᠠᠢ᠃ | ᠨᠤᠮᠢᠨ ᠬᠠᠰ ᠯᠤᠤ ᠲᠠᠢ ︽ᠠᠳᠠᠯᠢ ᠭᠠᠷᠤᠯᠳᠠᠢ︾᠂ ᠠᠩᠬ᠎ᠠ ᠮᠠᠯᠳᠠᠵᠤ ᠭᠠᠷᠭᠠᠭᠰᠠᠨ ᠭᠠᠵᠠᠷ ᠨᠢ ᠲᠣᠳᠣᠷᠬᠠᠢ | ᠪᠤᠰᠤ ᠠᠴᠠ ᠪᠤᠯᠵᠤ ᠮᠠᠷᠭᠤᠭᠠᠨ ᠲᠠᠢ ᠪᠠᠶᠢᠭᠰᠠᠨ ᠰᠢᠷ᠎ᠠ ᠬᠠᠰ ᠯᠤᠤ ᠨᠢ ᠡᠳᠦᠭᠡ ᠣᠩᠨᠢᠭᠤᠳ ᠬᠤᠰᠢᠭᠤᠨ ᠤ | ᠮᠦᠽᠧᠢ ᠶᠢᠨ ᠴᠢᠬᠤᠯᠠ ᠡᠷᠳᠡᠨᠢ ᠪᠣᠯᠪᠠ᠃ ᠳᠤᠮᠳᠠᠳᠤ ᠤᠯᠤᠰ ᠤᠨ ᠲᠡᠦᠬᠡ ᠶᠢᠨ ᠰᠤᠳᠤᠯᠭᠠᠨ ᠤ ᠬᠦᠷᠢᠶᠡᠯᠡᠩ ᠤᠨ | ᠳᠡᠳ᠋ ᠳᠠᠷᠤᠭ᠎ᠠ᠂ ᠰᠤᠳᠤᠯᠤᠭᠴᠢ ᠯᠢᠦ ᠭᠦᠸᠧ ᠰᠢᠶᠠᠩ᠄ ᠰᠢᠷ᠎ᠠ ᠬᠠᠰ ᠯᠤᠤ ᠶᠢᠨ ᠰᠣᠩᠭᠤᠭᠰᠠᠨ ᠮᠠᠲ᠋ᠧᠷᠢᠶᠠᠯ ᠨᠢ | ᠰᠠᠶᠢᠨ᠂ ᠰᠡᠶᠢᠯᠦᠭᠰᠡᠨ ᠨᠢ ᠨᠠᠷᠢᠯᠢᠭ᠂ ᠳᠦᠷᠰᠦ ᠪᠠᠶᠢᠳᠠᠯ ᠨᠢ ᠲᠡᠭᠵᠢᠨ ᠴᠤᠪᠤᠭᠤᠯᠢᠭ᠂ ᠬᠤᠩᠱᠠᠨ ᠰᠣᠶᠣᠯ ᠤᠨ | ᠬᠠᠰ ᠡᠳ᠋ᠯᠡᠯ ᠤᠨ ᠬᠡᠯᠪᠡᠷᠢ ᠵᠢᠴᠢ ᠭᠠᠷ ᠤᠷᠠᠯᠠᠯ ᠤᠨ ᠣᠨᠴᠠᠯᠢᠭ ᠲᠠᠢ ᠬᠤᠩᠱᠠᠨ ᠰᠣᠶᠣᠯ ᠤᠨ ᠬᠠᠰ ᠡᠳ᠋ᠯᠡᠯ ᠤᠨ | ᠰᠣᠳᠣᠨ ᠪᠦᠲᠦᠭᠡᠯ ᠪᠠᠶᠢᠵᠤ᠂ ᠤᠯᠤᠰ ᠤᠨ ᠡᠷᠳᠡᠨᠢ ᠭᠡᠵᠦ ᠬᠡᠯᠡᠵᠦ ᠪᠣᠯᠤᠨ᠎ᠠ ᠭᠡᠵᠦ ᠦᠵᠡᠪᠡ᠃ | 2024 ᠣᠨ ᠳᠤ ᠮᠠᠯᠲᠠᠵᠤ ᠭᠠᠷᠭᠠᠭᠰᠠᠨ ᠬᠠᠰ ᠡᠳ᠋ᠯᠡᠯ ᠠᠴᠠ ᠯᠢᠩ ᠵᠢᠶᠠ ᠲᠠᠨ ᠤ ᠰᠣᠶᠣᠯ ᠤᠨ ᠬᠠᠰ | ᠲᠢᠲᠢᠮ ᠲᠠᠢ ᠠᠳᠠᠯᠢᠪᠲᠤᠷ ᠡᠳ᠋ᠯᠡᠯ ᠣᠯᠳᠠᠪᠠ᠃ ᠭᠦᠸᠧ ᠳ᠋ᠡ ᠱᠦᠨ ᠠᠪᠤᠭᠠᠶ ᠲᠠᠨᠢᠯᠴᠠᠭᠤᠯᠬᠤ ᠳᠠᠭᠠᠨ᠄ ︽ᠠᠨᠾᠦ᠋ᠢ | ᠮᠤᠵᠢ ᠶᠢᠨ ᠯᠢᠩ ᠵᠢᠶᠠ ᠲᠠᠨ ᠠᠴᠠ ᠪᠠᠰᠠ ᠯᠤᠤ ᠭᠠᠷᠤᠳᠢ ᠶᠢᠨ ᠨᠡᠶᠢᠯᠡᠮᠡᠯ ᠴᠣᠭᠴᠠᠳᠤ ᠬᠠᠰ ᠡᠳ᠋ᠯᠡᠯ ᠢ ᠢᠯᠡᠷᠡᠭᠦᠯᠵᠡᠢ | ᠂ ᠲᠡᠷᠡ ᠨᠢ ᠬᠠᠪᠢᠷᠭᠠᠨ ᠬᠠᠰ ᠰᠢᠬ ᠪᠠᠶᠢᠵᠤ᠂ ᠬᠤᠶᠠᠷ ᠦᠵᠦᠭᠦᠷ ᠤᠨ ᠬᠢᠨᠢ ᠨᠢᠭᠡ ᠦᠵᠦᠭᠦᠷ ᠨᠢ ᠯᠤᠤ ᠶᠢᠨ | ᠲᠣᠯᠣᠭᠠᠶ᠂ ᠨᠥᠭᠦᠭᠡ ᠦᠵᠦᠭᠦᠷ ᠨᠢ ᠭᠠᠷᠤᠳᠢ ᠶᠢᠨ ᠲᠣᠯᠣᠭᠠᠶ ᠪᠠᠶᠢᠵᠤ᠂ ᠬᠡᠯᠪᠡᠷᠢ ᠨᠢ ᠨᠡᠯᠢᠶᠡᠳ ᠲᠥᠬᠦᠮ᠂ | ᠯᠤᠤ ᠶᠢᠨ ᠲᠣᠯᠣᠭᠠᠶ ᠪᠠ ᠭᠠᠷᠤᠳᠢ ᠶᠢᠨ ᠲᠣᠯᠣᠭᠠᠶ ᠨᠢ ᠴᠦ ᠨᠡᠯᠢᠶᠡᠳ ᠲᠥᠬᠦᠮ ᠪᠠᠶᠢᠳᠠᠭ︾ ᠭᠡᠵᠡᠢ᠃ | ᠠᠯᠢ ᠡᠷᠲᠡ ᠨᠢᠦ ᠾᠧ ᠯᠢᠶᠠᠩ ᠠᠴᠠ ᠣᠯᠳᠠᠭᠰᠠᠨ ᠯᠣᠣ ᠭᠠᠷᠤᠳᠢ ᠶᠢᠨ ᠬᠠᠰ ᠵᠡᠭᠦᠯᠲᠡ ᠪᠣᠯ ᠳᠡᠭᠡᠳᠦ | ᠬᠡᠮᠵᠢᠶ᠎ᠡ ᠪᠠᠷ ᠷᠢᠳᠢ ᠰᠢᠳᠢᠴᠢᠯᠡᠭᠰᠡᠨ ᠬᠤᠶᠠᠷ ᠠᠮᠢᠲᠠᠨ ᠪᠣᠯᠤᠨ᠎ᠠ᠂ ᠲᠡᠷᠡ ᠨᠢ ᠵᠥᠪᠬᠡᠨ 10 ᠰᠠᠨᠲ᠋ᠢᠮᠧᠲᠷ ᠣᠷᠳᠣ᠂ | 8 ᠰᠠᠨᠲ᠋ᠢᠮᠧᠲᠷ ᠥᠷᠭᠡᠨ ᠬᠠᠪᠳᠠᠰᠤᠯᠢᠭ ᠬᠠᠰ ᠡᠳ᠋ᠯᠡᠯ ᠳᠡᠭᠡᠷ᠎ᠡ ᠢᠯᠡᠷᠡᠭᠰᠡᠨ ᠪᠠᠶᠢᠳᠠᠭ᠃ ︽ᠯᠣᠣ ᠭᠠᠷᠤᠳᠢ ᠶᠢᠨ | ᠲᠣᠯᠣᠭᠠᠢ ᠶᠢᠨ ᠬᠡᠰᠡᠭ ᠢ ᠨᠢ ᠳᠣᠪᠤᠶᠢᠯᠭᠠᠵᠤ᠂ ᠰᠡᠭᠦᠯ ᠤᠨ ᠬᠡᠰᠡᠭ ᠢ ᠨᠢ ᠳᠥᠭᠦᠮᠴᠢᠯᠡᠳᠡᠭ᠃ ᠭᠠᠷᠤᠳᠢ ᠶᠢᠨ ᠲᠢᠲᠢᠮ | ᠂ ᠨᠢᠳᠦ᠂ ᠤᠶᠠᠩᠭᠠᠯᠠᠯ᠂ ᠯᠣᠣ ᠶᠢᠨ ᠡᠪᠡᠷ᠂ ᠨᠢᠳᠦ᠂ ᠬᠠᠮᠠᠷ᠂ ᠠᠮᠠ ᠨᠢ ᠪᠦᠷ ᠲᠣᠪ ᠲᠣᠳᠣᠷᠬᠠᠶ᠃ ᠬᠠᠷᠢᠨ | ᠲᠡᠳᠡᠨ ᠤ ᠠᠲᠤᠷᠢᠭᠰᠠᠨ ᠰᠡᠭᠦᠯ ᠨᠢ ᠮᠠᠰᠢ ᠣᠬᠤᠷ ᠪᠠᠶᠢᠵᠥ᠂ ᠬᠠᠮᠲᠤ ᠨᠠᠭᠠᠯᠳᠤᠵᠤ ᠪᠠᠶᠢᠳᠠᠭ᠃ ᠡᠭᠦᠨ ᠠᠴᠠ | ᠬᠤᠩᠱᠠᠨ ᠰᠣᠶᠣᠯ ᠤᠨ ᠦᠶ᠎ᠡ ᠶᠢᠨ ᠤᠷᠠᠯᠢᠭ ᠤᠨ ᠰᠡᠳᠭᠢᠬᠦᠶ᠂ ᠤᠷᠠᠯᠢᠭ ᠤᠨ ᠠᠷᠭ᠎ᠠ ᠪᠠᠷᠢᠯ ᠤᠨ ᠤᠷᠢᠳᠴᠢᠯᠠᠭᠰᠠᠨ | ᠬᠡᠮᠵᠢᠶ᠎ᠡ ᠶᠢ ᠮᠡᠳᠡᠵᠦ ᠪᠣᠯᠤᠨ᠎ᠠ᠂ ᠲᠡᠷᠡ ᠮᠦᠷᠳᠡᠬᠡᠨ ᠯᠣᠣ ᠭᠠᠷᠤᠳᠢ ᠶᠢᠨ ᠥᠯᠵᠡᠢ ᠪᠡᠯᠭᠡ ᠲᠠᠢ ᠰᠣᠶᠣᠯ ᠤᠨ | ᠣᠶᠢᠯᠠᠭᠠᠭᠳᠠᠬᠤᠨ ᠨᠢ ᠣᠳᠣ ᠪᠣᠯᠲᠠᠯ᠎ᠠ ᠦᠷᠭᠦᠯᠵᠢᠯᠡᠭᠰᠡᠭᠡᠷ ᠪᠠᠶᠢᠨ᠎ᠠ︾ ᠬᠡᠵᠥ ᠤᠯᠠᠭᠠᠨᠬᠠᠳᠠ ᠳᠡᠭᠡᠳᠦ | ᠰᠤᠷᠭᠠᠭᠤᠯᠢ ᠶᠢᠨ ᠳᠡᠳ᠋ ᠵᠠᠬᠢᠷᠤᠯ ᠰᠦᠨ ᠶᠦᠩ ᠭᠠᠩ ᠬᠡᠯᠡᠪᠡ᠃ | ᠬᠤᠩᠱᠠᠨ ᠬᠠᠰ ᠡᠳ᠋ᠯᠡᠯ ᠪᠣᠯᠤᠨ ᠯᠢᠩ ᠵᠢᠶᠠ ᠲᠠᠨ ᠤ ᠬᠠᠰ ᠡᠳ᠋ᠯᠡᠯ ᠨᠢ ᠬᠥᠮᠦᠨ ᠢ ᠰᠣᠴᠢᠭᠠᠮ᠎ᠠ ᠠᠳᠠᠯᠢᠪᠲᠤᠷ | ᠪᠠᠶᠢᠵᠤ᠂ ︽ᠡᠷᠲᠡᠨ ᠤ ᠤᠯᠤᠰ︾ ᠤᠨ ᠬᠤᠭᠤᠷᠣᠨᠳᠣ ᠠᠯᠤᠰ ᠬᠤᠯᠠ ᠶᠢᠨ ᠰᠣᠶᠣᠯ ᠤᠨ ᠰᠣᠯᠢᠯᠴᠠᠭ᠎ᠠ ᠣᠷᠣᠰᠢᠵᠤ | ᠪᠠᠶᠢᠬᠤ ᠶᠢ ᠢᠯᠡᠷᠡᠭᠦᠯᠵᠡᠢ᠃ | ᠸᠠᠭᠠᠷ ᠰᠠᠪᠠ ᠪᠠᠷ ᠠᠪᠴᠦ ᠬᠡᠯᠡᠭᠰᠡᠨ ᠴᠤ ᠬᠤᠩᠱᠠᠨ ᠰᠣᠶᠣᠯ ᠤᠨ ᠥᠩᠭᠡᠲᠦ ᠸᠠᠭᠠᠷ ᠨᠢ ᠭᠡᠨᠡᠳᠲᠡ ᠢᠯᠡᠷᠡᠭᠰᠡᠨ | ᠰᠢᠭ᠃ | ᠬᠠᠭᠤᠴᠢ ᠰᠤᠳᠤᠯᠤᠭᠴᠢ ᠶᠢᠨ ᠦᠵᠡᠬᠦ ᠪᠠᠷ ᠬᠤᠩᠱᠠᠨ ᠰᠣᠶᠣᠯ ᠤᠨ ᠥᠩᠭᠡᠲᠦ ᠸᠠᠭᠠᠷ ᠤᠨ ᠢᠯᠡᠷᠡᠭᠰᠡᠨ ᠨᠢ | ᠬᠠᠳᠤᠨ ᠭᠤᠤᠯ ᠤᠨ ᠰᠠᠪᠠ ᠭᠠᠵᠠᠷ ᠤᠨ ᠥᠩᠭᠡᠲᠦ ᠸᠠᠭᠠᠷ ᠤᠨ ᠡᠯᠧᠮᠧᠨ᠋ᠲ ᠢ ᠰᠢᠩᠭᠡᠭᠡᠭᠰᠡᠨ ᠪᠣᠯᠪᠠᠴᠤ ᠪᠠᠰᠠ | ᠥᠪᠡᠷ ᠤᠨ ᠣᠨᠴᠠᠯᠢᠭ ᠢᠶᠠᠨ ᠬᠠᠳᠠᠭᠠᠯᠠᠵᠠᠶ᠃ | ᠠᠷᠤ ᠬᠤᠷᠴᠢᠨ ᠬᠤᠰᠢᠭᠤᠨ ᠤ ᠬᠠᠷᠢᠶ᠎ᠠ ᠠᠴᠠ ᠣᠯᠳᠠᠭᠰᠠᠨ ᠬᠠᠷ᠎ᠠ ᠥᠩᠭᠡᠲᠦ ᠤᠯᠠᠭᠠᠨ ᠸᠠᠭᠠᠷ ᠤᠨ ᠲᠦᠩᠰᠠ᠂ | ᠤᠯᠠᠭᠠᠨ ᠸᠠᠭᠠᠷ ᠤᠨ ᠳᠡᠭᠡᠷ᠎ᠡ ᠵᠢᠷᠤᠭᠰᠠᠨ ᠬᠠᠷ᠎ᠠ ᠬᠡ ᠨᠢ ᠲᠥᠪ ᠠᠽᠢᠶ᠎ᠠ ᠶᠢᠨ ᠷᠣᠮᠪ ᠳᠥᠷᠪᠡᠯᠵᠢᠨ ᠬᠡ᠂ ᠬᠠᠲᠤᠨ | ᠭᠤᠣᠯ ᠤᠨ ᠰᠠᠪᠠ ᠭᠠᠵᠠᠷ ᠤᠨ ᠶᠠᠩᠱᠤᠤ ᠶᠢᠨ ᠰᠣᠶᠣᠯ ᠤᠨ ᠰᠠᠷᠭᠠᠢ ᠴᠡᠴᠡᠭ ᠤᠨ ᠬᠡ ᠪᠣᠯᠤᠨ ᠬᠤᠩᠱᠠᠨ | ᠰᠣᠶᠣᠯ ᠤᠨ ᠤᠭ ᠨᠤᠲᠤᠭ ᠤᠨ ᠯᠣᠣ ᠶᠢᠨ ᠬᠠᠶᠢᠷᠰᠤᠨ ᠬᠡ ᠲᠠᠢ ᠪᠠᠶᠢᠨ᠎ᠠ᠃ | ︽ᠡᠨᠡ ᠪᠣᠯ 5000 ᠵᠢᠯ ᠤᠨ ᠡᠮᠦᠨ᠎ᠡ ᠠᠽᠢᠶ᠎ᠠ ᠲᠢᠪ ᠤᠨ ᠵᠡᠭᠦᠨ ᠪᠠᠷᠠᠭᠤᠨ ᠪᠣᠯᠤᠨ ᠳᠤᠮᠳᠠᠳᠤ ᠤᠯᠤᠰ ᠤᠨ | ᠡᠮᠦᠨᠡᠲᠦ ᠤᠮᠠᠷᠠᠲᠤ ᠶᠢᠨ ᠬᠡᠳᠦᠨ ᠵᠦᠢᠯ ᠤᠨ ᠠᠮᠢᠵᠢᠷᠠᠯ ᠤᠨ ᠬᠦᠴᠦᠨ ᠪᠠᠳᠠᠷᠠᠭᠰᠠᠨ ᠡᠷᠲᠡᠨ ᠤ ᠰᠣᠶᠣᠯ ᠠᠳᠡ | ᠰᠣᠯᠢᠯᠴᠠᠭ᠎ᠠ ᠬᠢᠵᠦ ᠴᠤᠭᠯᠠᠷᠠᠭᠰᠠᠨ ᠤ ᠨᠡᠶᠢᠲᠡᠯᠢᠭ ᠵᠢᠱᠶ᠊ ᠡᠶ᠎ᠡ ᠪᠣᠯᠤᠨ᠎ᠠ ᠬᠡᠵᠥ ᠰᠤ ᠪᠢᠩ ᠴᠢ ᠠᠪᠤᠭᠠᠢ ᠬᠡᠯᠡᠵᠥ | ᠦᠩᠬᠡᠷᠡᠵᠡᠢ᠃ ᠸᠧᠶ ᠵᠢᠶᠠ ᠸᠤ᠋ ᠫᠦ ᠶᠢᠨ ᠪᠠᠭᠤᠷᠢ ᠠᠴᠠ ᠮᠠᠯᠲᠠᠵᠤ ᠭᠠᠷᠭᠠᠭᠰᠠᠨ ᠪᠦᠬᠡᠷᠡᠩᠬᠡᠢ ᠰᠠᠭᠤᠷᠢ ᠲᠠᠢ | ᠲᠣᠭᠤᠭ᠎ᠠ ᠨᠢ ᠾᠸᠤ ᠭᠠᠩ ᠤᠨ ᠨᠢᠭᠡᠳᠦᠭᠡᠷ ᠬᠤᠭᠤᠴᠠᠭᠠᠨ ᠤ ᠰᠣᠶᠣᠯ ᠤᠨ ᠣᠨᠴᠠᠯᠢᠭ ᠢᠶᠠᠷ ᠢᠯᠡᠷᠬᠡᠶ ᠪᠠᠶᠢᠵᠤ᠂ | ᠶᠠᠭ ᠯᠠ ᠾᠸᠤ ᠭᠠᠩ ᠬᠥᠮᠦᠰ ᠪᠠᠭᠠᠵᠢ ᠬᠡᠷᠡᠭᠰᠡᠯ ᠢᠶᠠᠨ ᠲᠡᠪᠡᠷᠢᠭᠡᠳ ᠬᠤᠩᠱᠠᠨ ᠣᠷᠣᠨ ᠳᠤ ᠢᠷᠡᠭᠰᠡᠨ ᠲᠠᠢ ᠠᠳᠠᠯᠢ | ︾ ᠰᠦᠨ ᠶᠦᠩ ᠭᠠᠩ ᠬᠡᠪᠡ᠃ | ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ | ᠰᠤᠳᠤᠯᠭᠠᠨ ᠤ ᠭᠠᠵᠠᠷ ᠤᠨ ᠰᠤᠳᠤᠯᠤᠭᠴᠢ ᠸᠠᠩ ᠷᠧᠨ ᠰᠢᠶᠠᠩ ᠠᠪᠤᠭᠠᠶ᠂ ᠰᠣᠶᠣᠯ ᠤᠨ ᠬᠤᠭᠤᠷᠣᠨᠳᠣᠬᠢ | ᠤᠯᠠᠮᠵᠢᠯᠠᠯ ᠪᠠ ᠨᠥᠯᠥᠭᠡ ᠪᠣᠯ ᠬᠠᠷᠢᠯᠴᠠᠨ ᠨᠦᠯᠦᠬᠡᠯᠴᠡᠬᠦ᠂ ᠬᠤᠤᠰ ᠴᠢᠭᠯᠡᠯ ᠤᠨ ᠪᠠᠶᠢᠬᠤ ᠶᠣᠰᠣᠲᠠᠶ ᠬᠡᠵᠥ | ᠦᠵᠡᠵᠥ᠂ ︽ᠡᠾᠧᠨᠠᠨ ᠤ ᠱᠠᠨ ᠰᠢᠶᠠᠨ ᠤ ᠮᠢᠶᠣᠣ ᠳ᠋ᠢ ᠭᠸᠤ ᠪᠠᠭᠤᠷᠢ ᠠᠴᠠ ᠮᠠᠯᠲᠠᠵᠤ ᠭᠠᠷᠭᠠᠭᠰᠠᠨ ᠨᠢᠭᠡ ᠬᠡᠰᠡᠭ | ᠡᠷᠭᠢᠭᠦᠯᠭᠡᠨ ᠬᠡ ᠲᠠᠢ ᠥᠩᠭᠡᠲᠦ ᠸᠠᠭᠠᠷ ᠤᠨ ᠬᠡ ᠤᠭᠠᠯᠵᠠ ᠶᠢᠨ ᠬᠡᠪ ᠨᠠᠮᠪᠠ ᠪᠠ ᠶᠠᠩᠱᠤᠤ ᠶᠢᠨ ᠰᠣᠶᠣᠯ ᠤᠨ | ᠥᠩᠭᠡᠲᠦ ᠸᠠᠭᠠᠷ ᠤᠨ ᠢᠯᠭᠠᠭ᠎ᠠ ᠢᠯᠡᠷᠬᠡᠢ ᠪᠠᠶᠢᠵᠤ᠂ ᠬᠤᠩᠱᠠᠨ ᠰᠣᠶᠣᠯ ᠠᠴᠠ ᠰᠢᠭᠤᠳ ᠤᠯᠠᠮᠵᠢᠯᠠᠭᠳᠠᠨ ᠢᠷᠡᠭᠰᠡᠨ | ᠥᠩᠭᠡᠲᠦ ᠸᠠᠭᠠᠷ ᠪᠠᠶᠢᠵᠤ ᠮᠡᠳᠡᠨ᠎ᠡ︾ ᠬᠡᠪᠡ᠃ | ᠬᠤᠩᠱᠠᠨ ᠤ ᠥᠩᠭᠡᠲᠦ ᠸᠠᠭᠠᠷ ᠨᠢ ᠪᠠᠰᠠ ᠨᠢᠭᠡ ᠵᠦᠢᠯ ᠤᠨ ᠢᠷᠣᠭᠠᠷ ᠦᠭᠡᠢ ᠳᠦᠩᠰᠡᠨ ᠬᠡᠯᠪᠡᠷᠢ ᠲᠠᠢ ᠰᠠᠪᠠ | ᠪᠠᠶᠢᠵᠤ᠂ ᠣᠯᠠᠩᠬᠢ ᠶᠢ ᠨᠢ ᠪᠤᠯᠠᠰᠢ ᠪᠠ ᠲᠠᠬᠢᠯᠭ᠎ᠠ ᠶᠢᠨ ᠪᠠᠭᠤᠷᠢ ᠠᠴᠠ ᠢᠯᠡᠷᠡᠭᠦᠯᠦᠭᠰᠡᠨ ᠪᠠᠶᠢᠨ᠎ᠠ᠃ ᠵᠠᠷᠢᠮ | ᠰᠤᠳᠤᠯᠭᠠᠲᠠᠳ ᠠᠴᠠ ᠸᠠᠭᠠᠷ ᠳᠦᠩᠰᠡᠨ ᠬᠡᠯᠪᠡᠷᠢᠲᠦ ᠰᠠᠪᠠ ᠨᠢ ᠲᠠᠷᠢᠶᠠᠯᠠᠩ ᠠᠵᠤ ᠠᠬᠤᠶ ᠬᠥᠭᠵᠢᠭᠰᠡᠨ᠂ ᠬᠥᠮᠦᠨ | ᠠᠮᠠ ᠥᠨᠢᠷ ᠣᠯᠠᠨ᠂ ᠠᠮᠢ ᠨᠠᠰᠤ ᠦᠷᠭᠦᠯᠵᠢᠯᠡᠭᠰᠡᠨ ᠣᠨᠴᠠᠭᠠᠶ ᠡᠭᠦᠷᠭᠡ ᠶᠢ ᠠᠴᠢᠶᠠᠯᠠᠵᠤ᠂ ᠲᠩᠷᠢ ᠶᠢ | ᠬᠦᠨᠳᠦᠳᠭᠡᠨ ᠠᠷᠠᠳ ᠢ ᠬᠠᠮᠠᠭᠠᠯᠠᠬᠤ ᠦᠵᠡᠯ ᠰᠠᠨᠠᠭᠠᠨ ᠤ ᠡᠭᠦᠰᠦᠯ ᠳᠤ ᠰᠠᠭᠤᠷᠢ ᠳᠠᠯᠪᠢᠵᠥ ᠦᠭᠴᠡᠢ ᠬᠡᠵᠥ | ᠦᠵᠡᠪᠡ᠃ | ᠡᠭᠦᠨ ᠠᠴᠠ ᠭᠠᠳᠠᠨ᠎ᠠ ᠪᠠᠯᠠᠷ ᠡᠷᠲᠡᠨ ᠤ ᠰᠣᠶᠣᠯ ᠤᠨ ᠡᠯ᠎ᠡ ᠵᠦᠢᠯ ᠤᠨ ᠪᠣᠳᠠᠰ ᠤᠨ ᠪᠠ ᠰᠣᠶᠣᠯ ᠤᠨ ᠡᠯᠧᠮᠧᠨ᠋ᠲ | ᠳᠣᠲᠣᠷ᠎ᠠ ᠬᠥᠮᠦᠨ ᠤ ᠳᠦᠷᠢ ᠲᠥᠷᠬᠦ ᠲᠡᠷᠢᠭᠦᠨ ᠪᠠᠶᠢᠷᠢ ᠶᠢ ᠡᠵᠡᠯᠡᠵᠦ᠂ ᠠᠩᠬᠠᠷᠤᠯ ᠤᠨ ᠬᠡᠮᠵᠢᠶ᠎ᠡ ᠨᠢ ᠴᠦ ᠬᠠᠮᠤᠭ | ᠥᠨᠳᠥᠷ ᠪᠠᠶᠢᠳᠠᠭ᠂ ᠳᠡᠯᠡᠬᠡᠶ ᠶᠢᠨ ᠡᠯ᠎ᠡ ᠤᠯᠤᠰ ᠤᠨ ᠬᠠᠭᠤᠴᠢ ᠰᠤᠳᠤᠯᠤᠯ ᠤᠨ ᠢᠯᠡᠷᠡᠭᠦᠯᠦᠯᠲᠡ ᠨᠢ ᠶᠡᠷᠦ ᠠᠴᠠ | ᠡᠶᠢᠮᠦ ᠪᠠᠶᠢᠳᠠᠭ᠃ ︽ᠳᠦᠷᠰᠦ ᠪᠦᠲᠦᠭᠡᠯᠲᠡ ᠪᠣᠯ ᠬᠤᠩᠱᠠᠨ ᠰᠣᠶᠣᠯ ᠤᠨ ᠬᠠᠮᠤᠭ ᠤᠨ ᠴᠢᠬᠤᠯᠠ ᠮᠠᠯᠲᠠᠵᠤ | ᠭᠠᠷᠭᠠᠭᠰᠠᠨ ᠪᠠᠭᠠᠵᠢ ᠬᠡᠷᠡᠭᠰᠡᠯ ᠮᠥᠨ︾ ᠭᠡᠵᠦ ᠰᠦᠨ ᠶᠦᠩ ᠭᠠᠩ ᠬᠡᠯᠡᠪᠡ᠃ |