ᠦᠬᠡᠷ ᠤᠨ ᠮᠢᠲ᠋ᠤᠺᠰᠢᠨ ᠤᠷᠬᠢᠴᠠᠯᠢᠭ ᠪᠠᠺᠲ᠋ᠧᠷᠢ ᠳᠤ ᠬᠤᠣᠷᠳᠠᠭᠳᠠᠬᠤ ᠭᠡᠮ ᠪᠣᠯ ᠮᠢᠲ᠋ᠤᠺᠰᠢᠨ ᠤᠷᠬᠢᠴᠠᠯᠢᠭ | ᠪᠠᠺᠲ᠋ᠧᠷᠢ ᠶᠢᠨ ᠬᠤᠣᠷ ᠢ ᠰᠢᠩᠭᠡᠭᠡᠬᠦ ᠠᠴᠠ ᠡᠭᠦᠰᠦᠭᠰᠡᠨ ᠦᠬᠡᠷ ᠤᠨ ᠲᠦᠷᠭᠡᠨ ᠴᠢᠨᠠᠷᠲᠠᠢ ᠦᠬᠦᠭᠦᠯᠬᠦ | ᠬᠤᠣᠷᠳᠠᠯᠭ᠎ᠠ ᠶᠢᠨ ᠴᠢᠨᠠᠷᠲᠠᠢ ᠡᠪᠡᠳᠴᠢᠨ ᠮᠥᠨ᠂ ᠲᠡᠷᠡ ᠨᠢ ᠬᠥᠳᠡᠯᠭᠡᠭᠡᠨ ᠤ ᠮᠡᠳᠡᠷᠡᠯ ᠤᠨ ᠮᠢᠨᠴᠦᠭᠦᠷᠡᠯ ᠤᠨ | ᠡᠪᠡᠳᠴᠢᠨ ᠤ ᠢᠯᠡᠷᠡᠯ ᠢᠶᠠᠷ ᠭᠤᠣᠯ ᠣᠨᠴᠠᠯᠢᠭ ᠢᠶᠠᠨ ᠪᠣᠯᠭᠠᠳᠠᠭ᠃ ᠡᠪᠡᠳᠴᠢᠨ ᠤ ᠭᠤᠣᠯ ᠢᠯᠡᠷᠡᠯ ᠨᠢ | ᠬᠥᠳᠡᠯᠭᠡᠭᠡᠨ ᠤ ᠮᠢᠨᠴᠦᠭᠦᠷᠡᠯ ᠪᠣᠯᠣᠨ᠎ᠠ᠂ ᠲᠣᠯᠣᠭᠠᠢ ᠶᠢᠨ ᠬᠡᠰᠡᠭ ᠠᠴᠠ ᠡᠬᠢᠯᠡᠨ ᠬᠤᠶᠢᠰᠢ ᠪᠠᠨ ᠲᠦᠷᠭᠡᠨ ᠬᠥᠭᠵᠢᠵᠦ | ᠲᠡᠷᠡᠴᠢᠯᠡᠨ ᠳᠥᠷᠪᠡᠨ ᠮᠥᠴᠢ ᠬᠦᠷᠦᠨ᠎ᠡ᠃ ᠡᠭᠦᠨ ᠤ ᠢᠯᠡᠷᠡᠯ ᠨᠢ ᠪᠤᠯᠴᠢᠩ ᠮᠢᠬ᠎ᠠ ᠨᠢ ᠰᠤᠯᠠ ᠳᠣᠷᠣᠢ ᠪᠣᠯᠵᠤ᠂ | ᠮᠢᠨᠴᠦᠭᠦᠷᠡᠭᠡᠳ ᠵᠠᠵᠢᠯᠵᠤ ᠵᠠᠯᠭᠢᠵᠤ ᠳᠡᠶᠢᠯᠬᠦ ᠦᠭᠡᠢ᠂ ᠬᠡᠯᠡ ᠨᠢ ᠤᠨᠵᠢᠵᠤ᠂ ᠰᠢᠯᠦᠰᠦ ᠨᠢ ᠭᠤᠭᠤᠵᠢᠨ᠂ ᠨᠢᠳᠦ ᠨᠢ | ᠬᠠᠭᠠᠰ ᠠᠨᠢᠵᠤ᠂ ᠬᠡᠦᠬᠡᠨ ᠬᠠᠷᠠᠭ᠎ᠠ ᠨᠢ ᠲᠣᠮᠣᠷᠠᠵᠤ᠂ ᠰᠡᠳᠦᠯᠲᠡ ᠳᠤ ᠬᠠᠷᠢᠭᠤ ᠲᠤᠰᠬᠠᠯ ᠭᠠᠷᠬᠤ ᠦᠭᠡᠢ᠃ | ᠰᠢᠩᠭᠡᠭᠡᠯᠲᠡ ᠨᠢ ᠤᠳᠠᠭᠠᠨ᠂ ᠭᠦᠵᠡᠭᠡ ᠠᠪᠴᠢᠬᠤ᠂ ᠬᠤᠷᠭᠤᠰᠤ ᠬᠠᠲᠠᠬᠤ᠂ ᠬᠡᠪᠡᠯᠢ ᠡᠪᠡᠳᠬᠦ ᠦᠵᠡᠭᠳᠡᠯ ᠲᠠᠢ᠂ | ᠰᠢᠭᠡᠬᠦ ᠨᠢ ᠪᠠᠭ᠎ᠠ᠂ ᠬᠠᠷᠠᠭᠠᠨ ᠤ ᠰᠠᠯᠢᠰᠤᠲᠤ ᠪᠦᠷᠬᠦᠪᠴᠢ ᠳᠤ ᠴᠢᠰᠤ ᠬᠤᠷᠠᠵᠤ᠂ ᠵᠢᠷᠦᠬᠡ ᠳᠣᠷᠦ᠋ᠢᠲᠠᠨᠠ᠃ | ᠵᠠᠯᠭᠠᠭᠠᠳ ᠳᠥᠷᠪᠡᠨ ᠮᠥᠴᠢ ᠨᠢ ᠲᠡᠩᠴᠡᠭᠦᠷᠢ ᠪᠠᠨ ᠠᠯᠳᠠᠵᠤ᠂ ᠴᠢᠨᠠᠭᠰᠢᠯᠠᠪᠠᠯ ᠪᠣᠰᠴᠤ ᠳᠡᠶᠢᠯᠬᠦ ᠦᠭᠡᠢ ᠪᠣᠯᠣᠨ᠎ᠠ᠂ | ᠭᠡᠪᠡᠴᠦ ᠪᠡᠶ᠎ᠡ ᠶᠢᠨ ᠳᠤᠯᠠᠭᠠᠨ᠂ ᠮᠡᠳᠡᠷᠡᠯ ᠪᠠ ᠲᠤᠰᠬᠠᠯ ᠨᠢ ᠬᠡᠪ ᠤᠨ ᠪᠠᠶᠢᠳᠠᠭ᠃ ᠬᠦᠨᠳᠦ ᠡᠪᠡᠳᠴᠢᠨ ᠲᠠᠢ ᠮᠠᠯ ᠤᠨ | ᠣᠯᠠᠩᠬᠢ ᠨᠢ ᠠᠮᠢᠰᠬᠤᠯ ᠤᠨ ᠮᠢᠨᠴᠦᠭᠦᠷᠡᠯ ᠠᠴᠠ ᠪᠣᠯᠵᠤ 1~3 ᠡᠳᠦᠷ ᠤᠨ ᠳᠣᠲᠣᠷ᠎ᠠ ᠦᠬᠦᠳᠡᠭ᠃ ᠰᠡᠷᠭᠡᠶᠢᠯᠡᠨ | ᠵᠠᠰᠠᠬᠤ ᠠᠷᠭ᠎ᠠ᠄ ᠣᠷᠴᠢᠨ ᠲᠣᠭᠤᠷᠢᠨ ᠤ ᠠᠷᠢᠭᠤᠨ ᠴᠡᠪᠡᠷ ᠢ ᠠᠩᠬᠠᠷᠬᠤ ᠬᠡᠷᠡᠭᠲᠡᠢ᠃ ᠦᠬᠡᠷ ᠤᠨ ᠲᠠᠯᠠᠪᠠᠢ ᠶᠢᠨ | ᠬᠠᠰᠢᠶ᠎ᠠ ᠠᠴᠠ ᠠᠮᠢᠲᠠᠨ ᠤ ᠦᠬᠦᠳᠡᠯ ᠬᠡᠭᠦᠷ ᠢ ᠣᠯᠵᠤ ᠮᠡᠳᠡᠪᠡᠯ ᠴᠠᠭ ᠲᠤᠬᠠᠢ ᠳᠤᠨᠢ ᠴᠡᠪᠡᠷᠯᠡᠨ ᠠᠷᠢᠯᠭᠠᠵᠤ᠂ | ᠢᠯᠵᠢᠷᠡᠭᠰᠡᠨ ᠲᠡᠵᠢᠭᠡᠯ ᠪᠣᠷᠳᠤᠭ᠎ᠠ᠂ ᠡᠪᠡᠰᠦ ᠪᠣᠷᠳᠤᠭ᠎ᠠ ᠪᠠᠷ ᠦᠬᠡᠷ ᠢᠶᠠᠨ ᠲᠡᠵᠢᠭᠡᠵᠦ ᠪᠣᠯᠬᠤ ᠦᠭᠡᠢ ᠭᠡᠳᠡᠭ ᠢ | ᠣᠨᠴᠠᠭᠠᠶᠢᠯᠠᠨ ᠠᠩᠬᠠᠷᠬᠤ ᠬᠡᠷᠡᠭᠲᠡᠢ᠃ ᠡᠩ ᠤᠨ ᠦᠶ᠎ᠡ ᠳᠤ ᠲᠡᠵᠢᠭᠡᠯ ᠪᠣᠷᠳᠣᠭᠠᠨ ᠳᠠᠭᠠᠨ ᠵᠣᠬᠢᠬᠤ ᠬᠡᠮᠵᠢᠶᠡᠨ ᠤ | ᠳᠠᠪᠤᠰᠤ ᠪᠠ ᠴᠠᠷᠳᠠᠭᠤᠯ ᠢ ᠨᠡᠮᠡᠵᠦ᠂ ᠦᠬᠡᠷ ᠤᠨ ᠣᠨᠳᠣᠣ ᠶᠠᠭᠤᠮ᠎ᠠ ᠢᠳᠡᠬᠦ ᠵᠠᠩᠰᠢᠯ ᠲᠠᠢ ᠪᠣᠯᠬᠤ᠂ ᠦᠬᠦᠳᠡᠯ | ᠬᠡᠭᠦᠷ᠂ ᠪᠣᠬᠢᠷ ᠤᠰᠤ ᠵᠡᠷᠭᠡ ᠶᠢ ᠳᠤᠷ᠎ᠠ ᠪᠠᠷ ᠢᠶᠠᠨ ᠳᠣᠯᠢᠶᠠᠬᠤ ᠠᠴᠠ ᠰᠡᠷᠭᠡᠶᠢᠯᠡᠬᠦ ᠬᠡᠷᠡᠭᠲᠡᠢ᠃ ᠲᠤᠰ ᠡᠪᠡᠳᠴᠢᠨ | ᠦᠷᠭᠦᠯᠵᠢ ᠡᠭᠦᠰᠳᠡᠭ ᠭᠠᠵᠠᠷ ᠣᠷᠣᠨ ᠳᠤ ᠮᠢᠲ᠋ᠤᠺᠰᠢᠨ ᠤᠷᠬᠢᠴᠠᠯᠢᠭ ᠪᠠᠺᠲ᠋ᠧᠷᠢ ᠶᠢᠨ C ᠬᠡᠯᠪᠡᠷᠢ ᠶᠢᠨ ᠸᠠᠺᠼᠢᠨ ᠢ | ᠰᠡᠷᠭᠡᠶᠢᠯᠡᠬᠦ ᠲᠠᠷᠢᠯᠭ᠎ᠠ ᠬᠢᠵᠦ ᠪᠣᠯᠣᠨ᠎ᠠ᠃ |