ᠬᠠᠲᠤᠨ ᠭᠤᠤᠯ ᠤᠨ ᠥᠪᠥᠷ ᠮᠣᠩᠭᠤᠯ ᠳᠠᠬᠢ ᠭᠤᠣᠯ ᠤᠨ ᠬᠡᠰᠡᠭ 2024 ᠣᠨ ᠤ 11 ᠳ᠋ᠦ᠋ᠭᠡᠷ ᠰᠠᠷ᠎ᠠ ᠶᠢᠨ | 27 ᠤ ᠡᠳᠦᠷ ᠠᠴᠠ ᠡᠬᠢᠯᠡᠨ ᠬᠥᠯᠳᠡᠵᠦ᠂ 12 ᠳ᠋ᠤᠭᠠᠷ ᠰᠠᠷ᠎ᠠ ᠶᠢᠨ 14 ᠤ ᠡᠳᠦᠷ ᠪᠦᠷᠢᠮᠦᠰᠦᠨ ᠬᠥᠯᠳᠡᠪᠡ᠂ | 2025 ᠣᠨ ᠤ 2 ᠳ᠋ᠤᠭᠠᠷ ᠰᠠᠷ᠎ᠠ ᠶᠢᠨ 17 ᠤ ᠡᠳᠦᠷ ᠠᠴᠠ ᠭᠤᠤᠯ ᠡᠬᠢᠯᠡᠨ ᠭᠡᠰᠴᠦ᠂ 3 ᠳ᠋ᠤᠭᠠᠷ ᠰᠠᠷ᠎ᠠ ᠶᠢᠨ | 19 ᠤ ᠡᠳᠦᠷ ᠬᠡᠰᠦᠭᠡᠳ ᠠᠮᠤᠷ ᠲᠦᠪᠰᠢᠨ ᠪᠠᠶᠢᠳᠠᠯ ᠳᠤ ᠣᠷᠣᠪᠠ᠃ ᠵᠢᠯ ᠤᠨ ᠰᠦᠩ ᠬᠠᠯᠢᠶ᠎ᠠ ᠶᠢᠨ ᠪᠠᠶᠢᠳᠠᠯ ᠳᠤ | ᠳᠣᠣᠷᠠᠬᠢ ᠮᠡᠲᠦ ᠣᠨᠴᠠᠯᠢᠭ ᠤᠳ ᠪᠣᠢ᠄ ᠨᠢᠭᠡ ᠳᠤ᠂ ᠡᠬᠢᠯᠡᠵᠦ ᠬᠥᠯᠳᠡᠬᠦ ᠬᠤᠭᠤᠴᠠᠭ᠎ᠠ ᠬᠤᠵᠢᠭᠤ᠂ ᠪᠦᠷᠢᠮᠦᠰᠦᠨ | ᠬᠥᠯᠳᠡᠬᠦ ᠬᠤᠭᠤᠴᠠᠭ᠎ᠠ ᠬᠤᠵᠢᠭᠤ᠂ ᠭᠤᠣᠯ ᠬᠥᠯᠳᠡᠬᠦ ᠬᠤᠭᠤᠴᠠᠭᠠᠨ ᠳᠠᠬᠢ ᠠᠭᠠᠷ ᠤᠨ ᠳᠤᠯᠠᠭᠠᠨ ᠥᠨᠳᠥᠷ᠂ | ᠠᠩᠬᠠᠨ ᠤ ᠰᠦᠩ ᠬᠠᠯᠢᠶ᠎ᠠ ᠶᠢᠨ ᠬᠤᠭᠤᠴᠠᠭ᠎ᠠ ᠨᠢ ᠡᠩ ᠤᠨ ᠵᠢᠯ ᠤᠨ ᠬᠢ ᠠᠴᠠ 7 ᠡᠳᠦᠷ ᠬᠤᠵᠢᠮᠳᠠᠵᠤ᠂ | ᠪᠦᠷᠢᠮᠦᠰᠦᠨ ᠬᠥᠯᠳᠡᠭᠰᠡᠨ ᠬᠤᠭᠤᠴᠠᠭ᠎ᠠ ᠨᠢ ᠡᠩ ᠤᠨ ᠵᠢᠯ ᠤᠨ ᠬᠢ ᠠᠴᠠ 11 ᠡᠳᠦᠷ ᠬᠤᠵᠢᠮᠳᠠᠵᠤ᠂ ᠰᠦᠩ | ᠬᠠᠯᠢᠶ᠎ᠠ ᠲᠠᠢ ᠪᠠᠶᠢᠭᠰᠠᠨ ᠠᠴᠠ ᠲᠣᠭᠲᠠᠭᠤᠨ ᠬᠥᠯᠳᠡᠬᠦ ᠬᠤᠭᠤᠴᠠᠭ᠎ᠠ ᠬᠦᠷᠲᠡᠯᠡᠬᠢ ᠠᠭᠠᠷ ᠤᠨ ᠳᠤᠯᠠᠭᠠᠨ | ᠥᠩᠭᠡᠷᠡᠭᠰᠡᠨ ᠵᠢᠯ ᠤᠳ ᠤᠨ ᠠᠳᠠᠯᠢ ᠬᠤᠭᠤᠴᠠᠭᠠᠨ ᠤ ᠬᠢ ᠠᠴᠠ 0.5°C ᠥᠨᠳᠥᠷ ᠪᠠᠶᠢᠪᠠ᠃ ᠬᠤᠶᠠᠷ ᠲᠤ᠂ | ᠮᠦᠰᠣᠨ ᠲᠠᠪᠬᠤᠷᠭ᠎ᠠ ᠨᠢᠮᠭᠡᠨ᠂ ᠬᠠᠷᠠᠵᠠ ᠭᠤᠤ ᠣᠯᠠᠨᠲᠠᠢ᠂ ᠭᠤᠣᠯ ᠤᠨ ᠬᠥᠯᠳᠡᠭᠰᠡᠨ ᠬᠡᠰᠡᠭ ᠣᠬᠤᠷ᠂ ᠭᠤᠣᠯ ᠤᠨ | ᠬᠡᠰᠡᠭ ᠤᠨ ᠮᠥᠰᠥ ᠨᠢ ᠥᠩᠭᠡᠷᠡᠭᠰᠡᠨ ᠵᠢᠯ ᠤᠳ ᠠᠴᠠ 0.14 ᠮᠧᠳ᠋ᠷ ᠨᠢᠮᠭᠡᠨ ᠪᠠᠶᠢᠵᠤ᠂ ᠭᠤᠣᠯ ᠤᠨ ᠬᠥᠯᠳᠡᠭᠰᠡᠨ | ᠬᠡᠰᠡᠭ ᠲᠤ ᠬᠠᠷᠠᠵᠠ ᠭᠤᠤ ᠣᠯᠠᠨᠲᠠᠢ ᠪᠠᠶᠢᠵᠤ᠂ ᠬᠠᠮᠤᠭ ᠤᠨ ᠣᠷᠳᠣ ᠬᠥᠯᠳᠡᠭᠰᠡᠨ ᠬᠡᠮᠵᠢᠶ᠎ᠡ ᠨᠢ 647 | ᠺᠢᠯᠣᠮᠧᠳ᠋ᠷ ᠲᠤ ᠬᠦᠷᠪᠡ᠃ ᠭᠤᠷᠪᠠ ᠳᠤ᠂ ᠭᠤᠣᠯ ᠡᠬᠢᠯᠡᠵᠦ ᠭᠡᠰᠬᠦ ᠬᠤᠭᠤᠴᠠᠭ᠎ᠠ ᠡᠷᠲᠡ᠂ ᠤᠰᠤᠨ ᠤ ᠪᠠᠶᠢᠳᠠᠯ | ᠲᠣᠭᠲᠠᠪᠤᠷᠢᠲᠠᠢ ᠪᠠᠶᠢᠵᠤ᠂ ᠡᠨᠡ ᠵᠢᠯ ᠤᠨ ᠭᠤᠣᠯ ᠡᠬᠢᠯᠡᠵᠦ ᠬᠡᠰᠦᠭᠰᠡᠨ ᠬᠤᠭᠤᠴᠠᠭ᠎ᠠ ᠨᠢ ᠥᠩᠭᠡᠷᠡᠭᠰᠡᠨ | ᠵᠢᠯ ᠤᠳ ᠬᠢ ᠠᠴᠠ 6 ᠡᠳᠦᠷ ᠡᠷᠲᠡᠳᠡᠵᠦ᠂ ᠭᠤᠣᠯ ᠬᠥᠯᠳᠡᠬᠦ ᠪᠠ ᠭᠤᠣᠯ ᠭᠡᠰᠬᠦ ᠳᠤ ᠶᠡᠭᠡ ᠬᠡᠮᠵᠢᠶᠡᠨ ᠤ ᠰᠥᠩ | ᠬᠠᠯᠢᠶ᠎ᠠ ᠶᠢᠨ ᠣᠷᠭᠢᠯ ᠤᠷᠤᠰᠬᠠᠯ ᠢᠯᠡᠷᠡᠭᠰᠡᠨ ᠦᠭᠡᠢ ᠪᠠᠶᠢᠵᠤ᠂ ᠤᠰᠤᠨ ᠤ ᠪᠠᠶᠢᠳᠠᠯ ᠲᠣᠭᠲᠠᠭᠤᠨ ᠪᠠᠶᠢᠨ᠎ᠠ᠃ ︵ | ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠲᠠ ᠶᠢᠨ ᠲᠢᠩᠬᠢᠮ︶ | |