ᠲᠥᠪ ᠤᠨ ᠵᠣᠬᠢᠶᠠᠨ ᠪᠠᠶᠢᠭᠤᠯᠬᠤ ᠬᠡᠯᠲᠡᠰ ᠨᠠᠮ ᠤᠨ ᠲᠥᠪ ᠬᠤᠷᠢᠶ᠎ᠠ ᠶᠢ ᠣᠷᠣᠯᠠᠨ ᠬᠠᠮᠢᠶᠠᠷᠴᠤ ᠪᠠᠶᠢᠭ᠎ᠠ ᠨᠠᠮ ᠤᠨ ᠰᠦᠢᠳᠭᠡᠯ ᠠᠴᠠ 5355 ᠲᠦᠮᠡᠨ ᠲᠥᠭᠦᠷᠢᠭ ᠪᠠᠭᠤᠯᠭᠠᠵᠤ ᠬᠠᠶᠢᠨᠠᠨ ᠭᠤᠸᠠᠩᠳᠦ᠋ᠩ ᠵᠡᠷᠭᠡ ᠭᠠᠵᠠᠷ ᠤᠨ ᠭᠠᠮᠰᠢᠭ ᠠᠴᠠ ᠠᠪᠤᠷᠠᠬᠤ ᠠᠵᠢᠯ ᠢ ᠳᠡᠮᠵᠢᠪᠠ
ᠨᠡᠶᠢᠲᠡᠯᠡᠭᠰᠡᠨ ᠴᠠᠭ᠄
2024/9/13
   ᠣᠶᠢᠷ᠎ᠠ ᠳᠤ᠂ ᠲᠥᠪ ᠤᠨ ᠵᠣᠬᠢᠶᠠᠨ ᠪᠠᠶᠢᠭᠤᠯᠬᠤ ᠬᠡᠯᠲᠡᠰ ᠨᠠᠮ ᠤᠨ ᠲᠥᠪ ᠬᠤᠷᠢᠶ᠎ᠠ ᠶᠢ ᠣᠷᠣᠯᠠᠨ ᠬᠠᠮᠢᠶᠠᠷᠴᠤ ᠪᠠᠶᠢᠭ᠎ᠠ ᠨᠠᠮ ᠤᠨ ᠰᠦᠢᠳᠭᠡᠯ ᠠᠴᠠ ᠬᠠᠶᠢᠨᠠᠨ᠂ ᠭᠤᠸᠠᠩᠳᠦ᠋ᠩ ᠵᠡᠷᠭᠡ ᠭᠠᠵᠠᠷ ᠲᠤ 5355 ᠲᠦᠮᠡᠨ ᠲᠥᠭᠦᠷᠢᠭ ᠤᠨ ᠲᠤᠰᠬᠠᠶ ᠪᠠᠯᠠ ᠮᠥᠩᠭᠦ ᠪᠠᠭᠤᠯᠭᠠᠨ ᠥᠭᠴᠦ᠂ ᠦᠶᠡᠷ ᠢ ᠰᠡᠷᠭᠡᠶᠢᠯᠡᠵᠦ ᠲᠠᠶᠢᠹᠧᠩ ᠰᠠᠯᠬᠢ ᠶᠢ ᠠᠷᠭᠠᠴᠠᠬᠤ᠂ ᠦᠶᠡᠷ ᠲᠠᠢ ᠲᠡᠮᠡᠴᠡᠨ ᠠᠶᠤᠯ ᠭᠠᠮᠰᠢᠭ ᠠᠴᠠ ᠠᠪᠤᠷᠬᠠᠤ ᠠᠵᠢᠯ ᠢ ᠳᠡᠮᠵᠢᠬᠦ ᠳᠤ ᠬᠡᠷᠡᠭᠯᠡᠪᠡ᠃   ᠲᠥᠪ ᠤᠨ ᠵᠣᠬᠢᠶᠠᠨ ᠪᠠᠶᠢᠭᠤᠯᠬᠤ ᠬᠡᠯᠲᠡᠰ᠂ ᠡᠯ᠎ᠡ ᠭᠠᠵᠠᠷ ᠤᠨ ᠬᠢᠨ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠱᠠᠯᠠᠪᠳᠠᠨ ᠬᠦᠳᠡᠯᠦᠯᠴᠡᠵᠤ ᠬᠦᠴᠦᠨ ᠢᠶᠠᠨ ᠵᠣᠬᠢᠶᠠᠨ ᠪᠠᠶᠢᠭᠤᠯᠤᠨ ᠭᠠᠮᠰᠢᠭ ᠠᠴᠠ ᠠᠪᠤᠷᠠᠵᠤ᠂ ᠭᠠᠮᠰᠢᠭᠳᠠᠭᠰᠠᠨ ᠤᠯᠠᠨ ᠲᠦᠮᠡᠨ ᠢ ᠰᠢᠯᠵᠢᠭᠦᠯᠦᠨ ᠲᠥᠪᠬᠢᠨᠡᠭᠦᠯᠬᠦ ᠵᠡᠷᠭᠡ ᠠᠵᠢᠯ ᠢ ᠲᠣᠬᠢᠲᠠᠢ ᠰᠠᠶᠢᠲᠤᠷ ᠬᠢᠵᠦ᠂ ᠲᠠᠭᠠᠯᠳᠤᠵᠤ ᠡᠬᠦᠰᠬᠦ ᠭᠠᠮᠰᠢᠭ ᠢ ᠰᠡᠷᠭᠡᠶᠢᠯᠡᠵᠦ᠂ ᠬᠠᠮᠤᠭ ᠤᠨ ᠶᠡᠭᠡ ᠴᠢᠷᠮᠠᠶᠢᠯᠭ᠎ᠠ ᠪᠠᠷ ᠦᠬᠦᠯ ᠰᠢᠷᠬᠠᠲᠤᠯ ᠢ ᠪᠠᠭᠠᠰᠬᠠᠵᠤ᠂ ᠭᠠᠮᠰᠢᠭ ᠤᠨ ᠳᠠᠷᠠᠭᠠᠬᠢ ᠲᠠᠬᠢᠨ ᠪᠦᠳᠦᠭᠡᠨ ᠪᠠᠶᠢᠭᠤᠯᠤᠯᠲᠠ ᠶᠢ ᠢᠳᠡᠪᠬᠢᠲᠡᠢ ᠥᠷᠨᠢᠭᠦᠯᠵᠦ᠂ ᠬᠡᠪ ᠤᠨ ᠦᠢᠯᠡᠳᠪᠦᠷᠢᠯᠡᠯ ᠠᠮᠢᠳᠤᠷᠠᠯ ᠤᠨ ᠡᠮᠬᠢ ᠳᠢᠭᠯᠢᠮ ᠢ ᠡᠷᠲᠡᠬᠡᠨ ᠰᠡᠷᠭᠦᠭᠡᠵᠦ᠂ ᠠᠷᠠᠳ ᠤᠯᠠᠨ ᠤ ᠠᠮᠢ ᠨᠠᠰᠤ ᠡᠳ᠋ ᠬᠦᠷᠦᠩᠬᠡ ᠶᠢᠨ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠢ᠃ ᠡᠯ᠎ᠡ ᠱᠠᠲᠤᠨ ᠤ ᠤᠳᠤᠷᠢᠳᠬᠤ ᠺᠠᠳ᠋ᠷ ᠡᠮᠦᠨ᠎ᠠ ᠹᠷᠤᠨᠲ ᠲᠤ ᠭᠦᠨᠵᠡᠭᠡᠶᠢᠷᠡᠨ ᠵᠢᠯᠣᠭᠤᠳᠴᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠵᠦ᠂ ᠠᠶᠤᠯ ᠲᠦᠭᠰᠢᠭᠦᠷᠢ ᠶᠢᠨ ᠤᠬᠠᠮᠰᠠᠷ᠂ ᠬᠤᠷᠢᠭ᠎ᠠ ᠱᠤᠭᠤᠮ ᠤᠨ ᠰᠡᠳᠭᠢᠬᠦᠢ ᠪᠠᠨ ᠴᠢᠩᠭᠠᠳᠬᠠᠵᠤ᠂ ︽ᠴᠠᠭ ᠢᠮᠠᠭᠲᠠ ᠰᠡᠳᠭᠢᠯ ᠠᠮᠤᠷ ᠦᠭᠡᠢ ᠪᠠᠶᠢᠬᠤ︾ ᠬᠠᠷᠢᠭᠤᠴᠠᠯᠭᠠᠲᠤ ᠰᠡᠳᠭᠢᠯᠭᠡ ᠪᠣᠯᠤᠨ ᠲᠦᠢᠯ ᠤᠨ ᠨᠠᠷᠢᠨ ᠬᠢᠨᠠᠮᠠᠭᠠᠢ ᠬᠠᠷᠢᠭᠤᠴᠠᠬᠤ ᠡᠭᠦᠷᠭᠡᠯᠡᠯ ᠤᠨ ᠵᠣᠷᠢᠭ ᠰᠠᠨᠠᠭ᠎ᠠ ᠪᠠᠷ ᠠᠶᠤᠯ ᠭᠠᠮᠰᠢᠭ ᠠᠴᠠ ᠠᠪᠤᠷᠠᠬᠤ ᠡᠯ᠎ᠡ ᠵᠦᠢᠯ ᠤᠨ ᠠᠵᠢᠯ ᠢ ᠥᠴᠦᠬᠡᠨ ᠴᠦ ᠰᠤᠯᠠᠷᠠᠭᠤᠯᠤᠯ ᠦᠭᠡᠢ ᠰᠠᠶᠢᠲᠤᠷ ᠬᠢᠬᠦ ᠬᠡᠷᠡᠭᠲᠡᠢ᠃ ᠥᠷᠭᠡᠨ ᠤᠯᠠᠨ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠪᠠ ᠨᠠᠮ ᠤᠨ ᠭᠡᠰᠢᠭᠦᠨ ᠺᠠᠳ᠋ᠷᠴᠤᠳ ᠡᠮᠦᠨ᠎ᠡ ᠨᠢ ᠭᠠᠪᠰᠢᠭᠠᠶᠢᠯᠠᠵᠤ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠨ᠂ ᠠᠶᠤᠯ ᠭᠠᠮᠰᠢᠭ ᠠᠴᠠ ᠠᠪᠤᠷᠠᠬᠤ ᠳᠤᠮᠳᠠ ᠲᠠᠶᠢᠴᠢᠨ ᠪᠠᠬᠢᠯᠡᠯᠲᠡ ᠶᠢᠨ ᠦᠢᠯᠡᠳᠦᠯ ᠪᠠ ᠬᠤᠰᠢᠭᠤᠴᠢ ᠵᠢᠱᠢᠶᠡᠴᠢ ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠬᠤ ᠬᠡᠷᠡᠭᠲᠡᠢ ᠭᠡᠵᠤ ᠱᠠᠭᠠᠷᠳᠠᠪᠠ᠃   ᠲᠥᠪ ᠤᠨ ᠵᠣᠬᠢᠶᠠᠨ ᠪᠠᠶᠢᠭᠤᠯᠬᠤ ᠬᠡᠯᠲᠡᠰ᠂ ᠡᠨᠡ ᠬᠦ ᠨᠠᠮ ᠤᠨ ᠰᠦᠢᠳᠭᠡᠯ ᠢ ᠴᠠᠭ ᠲᠤᠬᠠᠢ ᠳᠤᠨᠢ ᠦᠨᠳᠦᠰᠦᠨ ᠱᠠᠲᠤᠨ ᠳᠤ ᠪᠠᠭᠤᠯᠭᠠᠵᠤ᠂ ᠭᠤᠣᠯᠳᠠᠭᠤ ᠠᠶᠤᠯ ᠭᠠᠮᠰᠢᠭ ᠠᠴᠠ ᠠᠪᠤᠷᠠᠬᠤ ᠡᠮᠦᠨ᠎ᠡ ᠹᠷᠣᠨᠲ ᠲᠤ ᠡᠷᠡᠯᠬᠡᠭᠯᠡᠨ ᠲᠡᠮᠡᠴᠡᠵᠦ ᠪᠠᠶᠢᠭ᠎ᠠ ᠦᠨᠳᠦᠰᠦᠨ ᠱᠠᠲᠤᠨ ᠤ ᠨᠠᠮ ᠤᠨ ᠭᠡᠰᠢᠭᠦᠨ᠂ ᠺᠠᠳ᠋ᠷ ᠪᠣᠯᠤᠨ ᠤᠯᠠᠨ ᠲᠦᠮᠡᠨ ᠢ ᠲᠣᠬᠤᠨᠢᠭᠤᠯᠬᠤ ᠳᠤ ᠬᠡᠷᠡᠭᠯᠡᠵᠦ᠂ ᠬᠦᠨᠳᠦ ᠨᠣᠴᠢᠲᠠᠢ ᠭᠠᠮᠰᠢᠭᠳᠠᠭᠰᠠᠨ ᠠᠴᠠ ᠪᠤᠯᠵᠤ ᠠᠮᠢᠳᠤᠷᠠᠯ ᠨᠢ ᠬᠦᠴᠢᠷᠳᠡᠯᠲᠡᠢ ᠪᠣᠯᠤᠭᠰᠠᠨ ᠨᠠᠮ ᠤᠨ ᠭᠡᠰᠢᠭᠦᠨ᠂ ᠤᠯᠠᠨ ᠲᠦᠮᠡᠨ ᠢ ᠲᠣᠬᠤᠨᠢᠭᠤᠯᠬᠤ ᠳᠤ ᠬᠡᠷᠡᠭᠯᠡᠬᠦ ᠬᠡᠷᠡᠭᠳᠠᠢ᠃ ᠬᠤᠯᠪᠤᠭᠳᠠᠯ ᠪᠥᠬᠦᠶ ᠮᠤᠵᠢ ᠣᠷᠣᠨ ᠪᠣᠳᠠᠲᠤ ᠪᠠᠶᠢᠳᠠᠯ ᠢᠶᠠᠨ ᠦᠨᠳᠦᠰᠦᠯᠡᠨ ᠲᠣᠰ ᠱᠠᠲᠤᠨ ᠤ ᠬᠠᠮᠢᠶᠠᠷᠴᠤ ᠪᠠᠶᠢᠭ᠎ᠠ ᠨᠠᠮ ᠤᠨ ᠰᠦᠢᠳᠭᠡᠯ ᠠᠴᠠ ᠢᠵᠢ ᠪᠥᠷᠢᠳᠦᠭᠦᠯᠦᠭᠰᠡᠨ ᠪᠠᠯᠠ ᠮᠥᠩᠭᠦ ᠭᠠᠷᠭᠠᠵᠤ᠂ ᠦᠨᠳᠦᠰᠦᠨ ᠱᠠᠲᠤᠨ ᠳᠤ ᠴᠠᠭ ᠲᠤᠬᠠᠶ ᠳᠤᠨᠢ ᠪᠠᠭᠤᠯᠭᠠᠨ ᠥᠭᠴᠦ᠂ ᠠᠶᠤᠯ ᠭᠠᠮᠰᠢᠭ ᠠᠴᠠ ᠠᠪᠤᠷᠬᠠᠤ ᠠᠵᠢᠯ ᠳᠤ ᠣᠷᠣᠭᠤᠯᠤᠨ᠂ ᠲᠤᠰᠬᠠᠶ ᠵᠣᠭᠤᠰ ᠢ ᠲᠤᠰᠬᠠᠶ ᠬᠡᠷᠡᠭᠯᠡᠬᠦ ᠶᠢ ᠪᠡᠶᠡᠯᠡᠭᠦᠯᠬᠦ ᠬᠡᠷᠡᠭᠲᠡᠶ ᠭᠡᠵᠤ ᠴᠢᠬᠤᠯᠠᠴᠢᠯᠠᠵᠠᠢ᠃   ︵ᠰᠢᠨᠬᠤᠸᠠ ᠬᠤᠷᠢᠶ᠎ᠠ ᠶᠢᠨ ᠪᠡᠭᠡᠵᠢᠩ ᠤᠨ 9 ᠰᠠᠷ᠎ᠠ ᠶᠢᠨ 10 ᠤ ᠴᠠᠬᠢᠯᠭᠠᠨ ᠮᠡᠳᠡᠭᠡ︶
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号