ᠠᠵᠤ ᠦᠢᠯᠡᠰ ᠤᠨ ᠬᠡᠯᠬᠢᠶ᠎ᠡ ᠶᠢ ᠪᠦᠬᠦ ᠬᠦᠴᠦᠨ ᠢᠶᠠᠷ ᠢᠶᠠᠨ ᠴᠣᠭᠴᠠᠯᠠᠵᠤ ᠦᠬᠡᠷ ᠲᠡᠵᠢᠭᠡᠵᠦ ᠴᠢᠨᠡᠭᠡᠯᠢᠭᠵᠢᠬᠦ ᠵᠠᠮ ᠢᠶᠠᠷ ᠵᠠᠮᠨᠠᠨ᠎ᠠ
ᠨᠡᠶᠢᠲᠡᠯᠡᠭᠰᠡᠨ ᠴᠠᠭ᠄
2024/8/29
    ᠨᠠᠮᠤᠷ ᠤᠨ ᠡᠷᠲᠡ ᠶᠢᠨ ᠦᠶ᠎ᠡ ᠳᠤ᠂ ᠲᠠᠯ᠎ᠠ ᠨᠤᠲᠤᠭ ᠤᠨ ᠬᠢᠨ ᠬᠥᠬᠡ ᠣᠭᠲᠠᠷᠭᠤᠢ ᠳᠤ ᠵᠢᠷᠦᠬᠡ ᠲᠦᠭᠰᠢᠵᠦ᠂ ᠬᠥᠪᠪᠥᠨ ᠲᠤᠩᠭᠠᠯᠠᠭ ᠡᠭᠦᠯᠡ ᠪᠠᠷ ᠰᠢᠯᠦᠭ ᠤᠨ ᠰᠠᠨᠠᠭ᠎ᠠ ᠳᠦᠭᠦᠷᠡᠩ ᠢᠷᠠᠭᠤ ᠰᠠᠶᠢᠬᠠᠨ ᠬᠠᠷᠠᠭᠳᠠᠨ᠎ᠠ᠃ ᠵᠣᠬᠢᠶᠠᠭᠴᠢ ᠪᠦᠬᠦ ᠤᠯᠤᠰ ᠤᠨ ᠠᠯᠠᠰᠢᠨ ᠦᠬᠡᠷ ᠤᠨ ᠪᠦᠬᠦ ᠠᠵᠤ ᠦᠢᠯᠡᠰ ᠤᠨ ᠬᠡᠯᠬᠢᠶ᠎ᠡ ᠶᠢᠨ ᠨᠡᠶᠢᠲᠡᠯᠢᠭ ᠬᠤᠰᠢᠭᠤ ᠂ ᠤᠯᠤᠰ ᠤᠨ ᠳᠠᠪᠠᠭᠤᠯᠢᠭ ᠣᠨᠴᠠᠯᠢᠭᠲᠤ ᠬᠤᠷᠴᠢᠨ ᠠᠯᠠᠰᠢᠨ ᠦᠬᠡᠷ ᠤᠨ ᠠᠵᠤ ᠦᠢᠯᠡᠰ ᠤᠨ ᠰᠦᠷᠦᠭᠵᠢᠯ ᠢ ᠡᠭᠦᠳᠦᠨ ᠪᠠᠶᠢᠭᠤᠯᠬᠤ ᠬᠤᠰᠢᠭᠤ᠂ ᠤᠯᠤᠰ ᠤᠨ ᠣᠳᠣ ᠦᠶ᠎ᠡ ᠶᠢᠨ ᠲᠠᠷᠢᠶᠠᠯᠠᠩ ᠤᠨ ᠠᠵᠤ ᠦᠢᠯᠡᠰ ᠤᠨ ᠬᠦᠷᠢᠶᠡᠯᠡᠩ ᠢ ᠡᠭᠦᠳᠦᠨ ᠪᠠᠶᠢᠭᠤᠯᠬᠤ ᠬᠤᠰᠢᠭᠤ — ︽ᠪᠠᠳᠤᠴᠠᠭᠠᠨ ᠤ ᠠᠳᠤᠭᠤᠲᠦ ᠪᠠᠯᠭᠠᠰᠤ︾ ᠶᠢᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠬᠦᠷᠪᠡ᠃    2024 ᠣᠨ ᠤ ᠳᠡᠭᠡᠷ᠎ᠡ ᠬᠠᠭᠠᠰ ᠵᠢᠯ ᠳᠤ᠂ ᠪᠦᠬᠦ ᠬᠤᠰᠢᠭᠤᠨ ᠤ 52.22 ᠲᠦᠮᠡᠨ ᠦᠬᠡᠷ ᠤᠨ ᠲᠤᠭ᠎ᠠ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 6.12% ᠪᠠᠷ ᠨᠡᠮᠡᠭᠳᠡᠪᠡ︔ ᠦᠷᠡᠵᠢᠬᠦ ᠦᠨᠢᠶᠡᠨ ᠤ ᠲᠤᠭ᠎ᠠ 26.94 ᠲᠦᠮᠡ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 2.13% ᠪᠠᠷ ᠨᠡᠮᠡᠭᠳᠡᠪᠡ︔ ᠠᠯᠠᠰᠢᠨ ᠦᠬᠡᠷ ᠤᠨ ᠲᠤᠭ᠎ᠠ 47.15 ᠲᠦᠮᠡ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 4.93% ᠪᠠᠷ ᠨᠡᠮᠡᠭᠳᠡᠪᠡ︔ ᠰᠠᠶᠢᠨ ᠡᠭᠦᠯᠳᠡᠷ ᠵᠢᠴᠢ ᠡᠭᠦᠯᠳᠡᠷ ᠰᠠᠶᠢᠵᠢᠷᠠᠭᠤᠯᠤᠭᠰᠠᠨ ᠦᠨᠢᠶ᠎ᠡ 5.06 ᠲᠦᠮᠡ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 18.63% ᠪᠠᠷ ᠨᠡᠮᠡᠭᠳᠡᠪᠡ᠃ ᠡᠨᠡ ᠬᠦ ᠡᠯᠪᠡᠭ ᠪᠠᠶᠠᠯᠢᠭ ᠮᠠᠯ ᠠᠵᠤ ᠠᠬᠤᠢ ᠶᠢᠨ ᠡᠯᠪᠡᠭ ᠬᠤᠷᠢᠶᠠᠯᠲᠠ ᠶᠢᠨ ᠦᠵᠡᠮᠵᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠦᠬᠡᠷ ᠤᠨ ᠠᠵᠤ ᠦᠢᠯᠡᠰ ᠤᠨ ᠲᠣᠭᠲᠠᠭᠤᠨ ᠤ ᠳᠤᠮᠳᠠ ᠳᠡᠭᠡᠭᠰᠢᠯᠡᠬᠦ ᠦᠨᠳᠦᠰᠦᠨ ᠪᠠᠶᠢᠳᠠᠯ ᠢ ᠪᠠᠲᠤ ᠰᠠᠬᠢᠪᠠ᠃ ᠣᠳᠣ ᠪᠣᠯ ᠶᠠᠭ ᠠᠯᠠᠰᠢᠨ ᠦᠬᠡᠷ ᠤᠨ ᠠᠵᠤ ᠦᠢᠯᠡᠰ ᠤᠨ ᠬᠥᠭᠵᠢᠯᠲᠡ ᠶᠢᠨ ᠳᠣᠣᠷ᠎ᠠ ᠬᠤᠭᠤᠴᠠᠭ᠎ᠠ ᠮᠥᠨ᠂ ︽ᠹᠧᠩ ᠴᠢᠩ ᠮᠠ ᠪᠠᠯᠭᠠᠰᠤ︾ ᠭᠡᠵᠦ ᠨᠡᠷᠡᠶᠢᠳᠦᠭᠰᠡᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠶᠠᠭᠠᠬᠢᠭᠠᠳ ᠡᠶᠢᠮᠦ ᠦᠬᠡᠷ ᠪᠠᠶᠢᠬᠤ ᠪᠤᠢ︖ ᠳᠡᠰ ᠳᠠᠪᠰᠢᠨ ᠳᠠᠷᠤᠭᠠᠰᠤ ᠶᠢ ᠬᠥᠩᠭᠡᠷᠡᠭᠦᠯᠵᠦ ᠨᠣᠭᠤᠭᠠᠷᠠᠭᠤᠯᠤᠯᠲᠠ ᠶᠢ ᠬᠠᠮᠠᠭᠠᠯᠠᠨ ᠲᠠᠯ᠎ᠠ ᠨᠤᠲᠤᠭ ᠢᠶᠠᠨ ᠳᠤᠷᠠᠳᠴᠤ᠂ ︽ᠬᠥᠬᠡ ᠣᠭᠲᠠᠷᠭᠤᠢ᠂ ᠬᠡᠭᠡᠷ᠎ᠡ ᠲᠠᠯ᠎ᠠ ᠨᠡᠯᠦ᠋ᠢᠵᠦ᠂ ᠰᠠᠯᠬᠢ ᠰᠠᠯᠬᠢᠯᠠᠪᠠᠯ ᠦᠬᠡᠷ ᠬᠤᠨᠢ ᠬᠠᠷᠠᠭᠳᠠᠨ᠎ᠠ︾ ᠭᠡᠵᠦ ᠣᠯᠠᠩᠬᠢ ᠬᠥᠮᠦᠰ ᠤᠨ ᠬᠦᠰᠡᠨ ᠮᠥᠷᠥᠭᠡᠳᠴᠦ ᠪᠠᠶᠢᠭ᠎ᠠ ᠰᠢᠯᠦᠭ ᠪᠠ ᠠᠯᠤᠰ ᠤᠨ ᠭᠠᠵᠠᠷ ᠪᠣᠯᠤᠨ᠎ᠠ᠃ ᠣᠳᠣᠬᠠᠨ ᠳᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠬᠦᠷᠲᠡᠯ᠎ᠡ ᠰᠠᠯᠬᠢᠨ ᠳᠤ ᠦᠯᠢᠶᠡᠭᠳᠡᠨ ᠦᠬᠡᠷ ᠬᠤᠨᠢ ᠬᠠᠷᠠᠭᠳᠠᠬᠤ ᠦᠭᠡᠢ ᠪᠠᠶᠢᠯ᠎ᠠ᠃ ᠦᠨᠡᠨ ᠳᠤ ᠪᠠᠨ᠂ ᠨᠣᠭᠤᠭᠠᠨ ᠵᠦᠯᠭᠡ᠂ ᠦᠬᠡᠷ ᠬᠤᠨᠢ ᠠᠭᠤᠯᠠ ᠨᠢᠷᠤᠭᠤ ᠳᠦᠭᠦᠷᠡᠩ ᠰᠠᠶᠢᠬᠠᠨ ᠦᠵᠡᠮᠵᠢ ᠴᠦ ᠣᠯᠳᠠᠬᠤᠶ᠎ᠠ ᠪᠡᠷᠬᠡ ᠪᠠᠶᠢᠳᠠᠭ᠂ ᠤᠴᠢᠷ ᠨᠢ ᠡᠬᠢ ᠪᠠᠶᠠᠯᠢᠭ ᠬᠢᠵᠠᠭᠠᠷ ᠲᠠᠢ᠂ ᠬᠡᠲᠦᠷᠡᠲᠡᠯ᠎ᠡ ᠮᠠᠯ ᠮᠠᠯᠵᠢᠵᠤ᠂ ᠮᠠᠯ ᠰᠦᠷᠦᠭ ᠤᠨ ᠳᠠᠭᠠᠭᠠᠴᠠ ᠠᠴᠠ ᠪᠣᠯᠤᠭᠰᠠᠨ ᠨᠤᠲᠤᠭ ᠪᠡᠯᠴᠢᠭᠡᠷ ᠮᠠᠭᠤᠳᠠᠬᠤ ᠠᠶᠤᠯ ᠪᠣᠯ ᠲᠤᠬᠠᠢ ᠶᠢᠨ ᠭᠠᠵᠠᠷ ᠤᠨ ᠠᠯᠴᠢᠳ ᠤᠨ ᠰᠡᠳᠬᠢᠯ ᠠᠴᠠ ᠬᠥᠳᠡᠯᠵᠦ ᠳᠡᠢᠯᠦᠱᠢ ᠦᠭᠡᠢ ᠰᠡᠭᠦᠳᠡᠷ ᠶᠤᠮ᠃ ᠶᠡᠭᠡ ᠬᠡᠪᠴᠢᠶᠡᠨ ᠤ ᠴᠢᠨᠠᠷ ᠰᠠᠶᠢᠲᠠᠢ ᠡᠪᠡᠰᠦ ᠪᠣᠷᠳᠤᠭ᠎ᠠ ᠨᠢ ᠮᠠᠯᠴᠢᠨ ᠲᠠᠷᠢᠶᠠᠴᠢᠨ ᠳᠤ ᠪᠣᠬᠢᠷᠲᠤᠯ ᠦᠭᠡᠢ ︽ᠰᠠᠶᠢᠨ ᠵᠣᠭᠤᠰᠣᠨ ᠤ ᠦᠵᠡᠮᠵᠢ︾ ᠠᠪᠴᠢᠷᠠᠵᠤ ᠥᠭᠪᠡ᠃ ᠭᠠᠭᠴᠠ ᠬᠤ᠋ ᠬᠠᠮᠤᠭ ᠤᠨ ᠡᠷᠡᠰ ᠰᠢᠭᠤᠷᠬᠠᠢ ᠣᠪᠣᠷ ᠢᠶᠠᠷ᠂ ᠬᠠᠮᠤᠭ ᠤᠨ ᠴᠢᠩᠭ᠎ᠠ ᠳᠦᠷᠢᠮ ᠢ ᠬᠡᠷᠡᠭᠵᠢᠭᠦᠯᠪᠡᠯ ᠲᠠᠯ᠎ᠠ ᠨᠤᠲᠤᠭ ᠰᠠᠶ᠋ᠢ ᠲᠠᠴᠢᠷᠳᠠᠬᠤ ᠠᠶᠤᠯ ᠲᠦᠭᠰᠢᠭᠦᠷᠢ ᠶᠢ ᠲᠦᠢᠯᠪᠤᠷᠢᠲᠠᠢ ᠬᠤᠷᠦ᠋ᠢᠯᠠᠨ᠎ᠠ᠃ 2022 ᠣᠨ ᠳᠤ᠂ ᠨᠢᠭᠡ ᠤᠳᠠᠭᠠᠨ ᠤ ᠪᠦᠬᠦ ᠵᠢᠯ ᠳᠤ ᠪᠡᠯᠴᠢᠭᠡᠷᠯᠡᠭᠦᠯᠬᠦ ᠶᠢ ᠴᠠᠭᠠᠵᠠᠯᠠᠬᠤ ᠤᠳᠠᠭᠠᠨ ᠳᠠᠭᠠᠭᠠᠮᠠᠭᠠᠢ ᠳᠠᠶᠢᠯᠠᠯᠳᠤᠭᠠᠨ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠭᠦᠯᠬᠦ ᠳᠠᠶᠢᠯᠠᠯᠳᠤᠭᠠᠨ ᠨᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠡᠬᠡ ᠭᠠᠵᠠᠷ ᠲᠤ ᠪᠦᠬᠦ ᠲᠠᠯ᠎ᠠ ᠪᠠᠷ ᠡᠬᠢᠯᠡᠪᠡ᠃ ᠥᠷᠯᠥᠭᠡ ᠶᠢᠨ ᠭᠤᠷᠪᠠ ᠳᠥᠷᠪᠡᠨ ᠴᠠᠭ ᠲᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ ᠶᠢᠨ ᠪᠡᠯᠴᠢᠭᠡᠷᠯᠡᠭᠦᠯᠬᠦ ᠶᠢ ᠴᠠᠭᠠᠵᠠᠯᠠᠬᠤ ᠴᠠᠭᠳᠠᠨ ᠲᠣᠭᠤᠷᠢᠬᠤ ᠠᠩᠭᠢ ᠶᠢᠨ ᠭᠡᠰᠢᠭᠦᠳ ᠨᠢᠭᠡᠨᠲᠡ ᠠᠭᠤᠯᠠ ᠴᠠᠭᠳᠠᠬᠤ ᠵᠠᠮ ᠢᠶᠠᠷ ᠵᠠᠮᠨᠠᠪᠠ᠃ ᠥᠷᠯᠥᠭᠡ ᠦᠳᠡᠰᠢ ᠠᠴᠠ ᠰᠥᠨᠢ ᠳᠦᠯᠢ ᠪᠣᠯᠲᠠᠯ᠎ᠠ᠂ ᠰᠥᠨᠢ ᠳᠦᠯᠢ ᠠᠴᠠ ᠥᠷᠯᠥᠭᠡ ᠪᠣᠯᠲᠠᠯ᠎ᠠ᠂ ᠪᠦᠬᠦᠯᠢ ᠡᠳᠦᠷ ᠤᠨ᠂ ᠲᠣᠭᠲᠠᠮᠠᠯ ᠪᠤᠰᠤ ᠴᠠᠭ ᠲᠠᠢ᠂ ᠥᠨᠳᠥᠷ ᠳᠠᠪᠲᠠᠮᠵᠢᠲᠤ ᠡᠳᠦᠷ ᠤᠨ ᠰᠥᠨᠢ ᠪᠠᠷ ᠪᠠᠶᠢᠴᠠᠭᠠᠬᠤ ᠲᠣᠭᠤᠷᠢᠨ ᠪᠠᠶᠢᠴᠠᠭᠠᠬᠤ ᠵᠠᠭᠪᠤᠷ ᠢ ᠬᠡᠷᠡᠭᠯᠡᠵᠦ᠂ ᠲᠣᠭᠤᠷᠢᠨ ᠴᠠᠭᠳᠠᠬᠤ ᠠᠩᠭᠢ ᠪᠦᠬᠦ ᠡᠳᠦᠷ ᠢᠶᠠᠷ ᠪᠡᠯᠴᠢᠭᠡᠷᠯᠡᠭᠦᠯᠬᠦ ᠶᠢ ᠴᠠᠭᠠᠵᠠᠯᠠᠬᠤ ᠠᠵᠢᠯ ᠤᠨ ᠨᠢᠭᠡᠳᠦᠭᠡᠷ ᠹᠷᠣᠨᠲ ᠲᠤ ᠲᠣᠭᠤᠷᠢᠨ ᠬᠠᠮᠠᠭᠠᠯᠠᠪᠠ᠃ ︽ᠮᠠᠯᠵᠢᠬᠤ ᠶᠢ ᠴᠠᠭᠠᠵᠠᠯᠠᠬᠤ ᠨᠢ ᠡᠷᠲᠡ ᠪᠠᠶᠢᠵᠤ᠂ ᠠᠭᠤᠯᠠ ᠶᠢ ᠲᠣᠭᠤᠷᠢᠨ ᠴᠠᠭᠳᠠᠬᠤ ᠨᠢ ᠡᠷᠲᠡ ᠮᠥᠷᠲᠡᠭᠡᠨ ᠪᠠᠰᠠ ᠣᠷᠦ᠋ᠢᠲᠠᠬᠤ ᠦᠭᠡᠢ᠂ ᠵᠠᠷᠢᠮ ᠳᠠᠭᠠᠨ ᠪᠢᠳᠡ ᠣᠯᠵᠤ ᠮᠡᠳᠡᠭᠰᠡᠨ ᠦᠬᠡᠷ ᠤᠨ ᠲᠤᠭᠤᠷᠠᠢ ᠶᠢᠨ ᠤᠯᠠ ᠮᠥᠷ ᠢ ᠮᠥᠷᠳᠡᠵᠦ᠂ ᠵᠠᠷᠢᠮ ᠳᠠᠭᠠᠨ ᠮᠠᠯᠵᠢᠯ ᠤᠨ ᠴᠡᠭ ᠤᠨ ᠣᠶᠢᠷ᠎ᠠ ᠬᠠᠪᠢ ᠳᠤ ᠰᠠᠭᠤᠵᠤ ᠰᠠᠬᠢᠨ ᠬᠠᠮᠠᠭᠠᠯᠠᠨ᠎ᠠ︾ ᠭᠡᠪᠡ᠃ ᠪᠡᠯᠴᠢᠭᠡᠷᠯᠡᠭᠦᠯᠬᠦ ᠶᠢ ᠴᠠᠭᠠᠵᠠᠯᠠᠬᠤ ᠠᠩᠭᠢ ᠶᠢᠨ ᠭᠡᠰᠢᠭᠦᠨ ᠪᠦᠦ ᠱᠧᠩ ᠵᠣᠬᠢᠶᠠᠭᠴᠢ ᠳᠤ ᠬᠡᠯᠡᠬᠦ ᠳᠡᠭᠡᠨ᠂ ᠮᠠᠯ ᠢ ᠲᠦᠷ ᠦᠯᠡᠳᠡᠭᠡᠵᠦ ᠠᠪᠬᠤ᠂ ᠲᠣᠷᠭᠠᠭᠤᠯᠢ ᠶᠢᠨ ᠬᠠᠭᠤᠳᠠᠰᠤ ᠭᠠᠷᠭᠠᠵᠤ ᠥᠭᠬᠦ᠂ ᠲᠣᠷᠭᠠᠭᠤᠯᠢ ᠶᠢᠨ ᠵᠣᠭᠤᠰ ᠢ ᠬᠤᠷᠢᠶᠠᠨ ᠠᠪᠬᠤ ᠳᠤ ᠦᠨᠳᠦᠰᠦᠨ ᠵᠣᠷᠢᠯᠭ᠎ᠠ ᠪᠢᠰᠢ᠂ ᠮᠠᠯᠴᠢᠨ ᠲᠠᠷᠢᠶᠠᠴᠢᠨ ᠤ ᠪᠦᠳᠦᠭᠦᠯᠢᠭ ᠲᠡᠵᠢᠭᠡᠵᠦ ᠪᠠᠶᠢᠭᠰᠠᠨ ᠠᠴᠠ ᠬᠠᠰᠢᠶᠠᠯᠠᠨ ᠲᠡᠵᠢᠭᠡᠵᠦ ᠲᠡᠶᠢᠰᠢ ᠲᠡᠵᠢᠭᠡᠬᠦ ᠰᠡᠳᠬᠢᠬᠦᠢ ᠶᠢᠨ ᠠᠷᠭ᠎ᠠ ᠬᠡᠯᠪᠡᠷᠢ ᠶᠢ ᠬᠤᠪᠢᠷᠠᠭᠤᠯᠬᠤ ᠳᠤ ᠵᠠᠩᠭᠢᠯᠠᠭ᠎ᠠ ᠪᠣᠯᠵᠤ᠂ ᠡᠴᠦᠰ ᠲᠡᠭᠡᠨ ᠠᠮᠢ ᠠᠬᠤᠢ ᠶᠢᠨ ᠦᠷ᠎ᠡ ᠠᠰᠢᠭ ᠬᠢᠭᠡᠳ ᠮᠠᠯᠴᠢᠨ ᠲᠠᠷᠢᠶᠠᠴᠢᠨ ᠤ ᠠᠰᠢᠭ ᠣᠷᠣᠯᠭ᠎ᠠ ᠶᠢ ᠬᠤᠣᠰ ᠴᠢᠭᠯᠡᠯ ᠢᠶᠠᠷ ᠬᠠᠮᠲᠤ ᠪᠠᠷ ᠠᠰᠢᠭ ᠬᠦᠷᠲᠡᠬᠦ ᠶᠢ ᠪᠡᠶᠡᠯᠡᠭᠦᠯᠦᠨ᠎ᠡ᠃ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠲᠡᠵᠢᠭᠡᠯ ᠪᠣᠷᠳᠣᠭᠠᠨ ᠤ ᠠᠵᠤ ᠦᠢᠯᠡᠰ ᠤᠨ ᠡᠳ᠋ᠱᠢᠭᠦᠯᠬᠦ ᠡᠳ᠋ ᠪᠠᠷᠠᠭᠠᠨ ᠤ ᠭᠦᠢᠯᠭᠡᠭᠡᠨ ᠤ ᠠᠷᠠᠯᠵᠢᠶᠠᠨ ᠤ ᠬᠦᠷᠢᠶᠡᠯᠡᠩ ᠲᠣᠭᠤᠷᠢᠭ ᠤᠨ ᠳᠣᠲᠣᠷᠠᠬᠢ ᠡᠪᠡᠰᠦ ᠦᠷ᠎ᠡ ᠶᠢᠨ ᠲᠤᠷᠱᠢᠯᠲᠠ ᠶᠢᠨ ᠲᠠᠷᠢᠶ᠎ᠠ᠃ ᠥᠩᠭᠡᠷᠡᠭᠰᠡᠨ ᠳᠤ ᠪᠦᠳᠦᠭᠦᠯᠢᠭ ᠰᠤᠯᠠ ᠲᠡᠵᠢᠭᠡᠵᠦ ᠪᠠᠶᠢᠭᠰᠠᠨ ᠲᠡᠵᠢᠭᠡᠨ ᠦᠷᠡᠵᠢᠭᠦᠯᠬᠦ ᠠᠷᠭ᠎ᠠ ᠨᠢ ᠦᠷ᠎ᠡ ᠠᠰᠢᠭ ᠢᠶᠠᠷ ᠥᠨᠳᠥᠷ ᠪᠢᠰᠢ᠃ ᠣᠳᠣᠬᠠᠨ ᠳᠤ ᠦᠬᠡᠷ ᠢ ᠪᠦᠬᠦᠨ ᠢ ᠭᠠᠴᠠᠭᠠᠨ ᠤ ᠲᠡᠵᠢᠭᠡᠨ ᠦᠷᠡᠵᠢᠭᠦᠯᠬᠦ ᠲᠣᠭᠤᠷᠢᠭ ᠲᠤ ᠲᠠᠯᠪᠢᠵᠤ᠂ ᠡᠳᠦᠷ ᠪᠦᠷᠢ ᠲᠤᠰᠬᠠᠢ ᠬᠥᠮᠦᠨ ᠢᠶᠠᠷ ᠨᠢᠭᠡᠳᠦᠯᠲᠡᠢ ᠬᠠᠮᠢᠶᠠᠷᠤᠭᠤᠯᠵᠤ᠂ ᠬᠢᠵᠢᠭ ᠢ ᠨᠢᠭᠡᠳᠦᠯᠲᠡᠢ ᠰᠡᠷᠭᠡᠶᠢᠯᠡᠭᠦᠯᠵᠦ᠂ ᠮᠠᠨ ᠤ ᠭᠡᠷ ᠤᠨ ᠦᠬᠡᠷ ᠬᠠᠮᠤᠭ ᠠᠩᠬᠠᠨ ᠤ ᠬᠡᠳᠦᠨ ᠲᠠᠯ᠎ᠠ ᠠᠴᠠ ᠬᠡᠳᠦᠨ ᠠᠷᠪᠠᠨ ᠲᠣᠯᠣᠭᠠᠢ ᠪᠣᠯᠵᠤ᠂ ᠵᠢᠯ ᠤᠨ ᠣᠷᠣᠯᠭ᠎ᠠ 2 ᠲᠦᠮᠡᠨ ᠲᠥᠭᠦᠷᠢᠭ ᠪᠠᠶᠢᠭᠰᠠᠨ ᠠᠴᠠ ᠪᠠᠨ ᠠᠷᠪᠠᠨ ᠬᠡᠳᠦᠨ ᠲᠦᠮᠡᠨ ᠲᠥᠭᠦᠷᠢᠭ ᠪᠣᠯᠵᠤ ᠨᠡᠮᠡᠭᠳᠡᠪᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号