ᠰᠢᠨᠡᠵᠠᠮ ᠰᠤᠮᠤ 8 ᠰᠠᠷ᠎ᠠ ᠶᠢᠨ ᠠᠮᠤᠷ ᠲᠦᠪᠰᠢᠨ ᠤ ᠪᠠᠶᠢᠭᠤᠯᠤᠯᠲᠠ ᠶᠢᠨ ᠠᠵᠢᠯ ᠤᠨ ᠰᠠᠷ᠎ᠠ ᠶᠢᠨ ᠡᠭᠡᠯᠵᠢᠲᠦ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/8/19
   8 ᠰᠠᠷ᠎ᠠ ᠶᠢᠨ 16 ᠤ ᠡᠳᠦᠷ᠂ ᠰᠢᠨᠠᠵᠠᠮ ᠰᠤᠮᠤ ᠠᠮᠤᠷ ᠲᠦᠪᠰᠢᠨ ᠤ ᠪᠠᠶᠢᠭᠤᠯᠤᠯᠲᠠ ᠶᠢᠨ ᠠᠵᠢᠯ ᠤᠨ ᠰᠠᠷ᠎ᠠ ᠶᠢᠨ ᠲᠣᠭᠲᠠᠮᠠᠯ ᠬᠤᠷᠠᠯ ᠬᠤᠷᠠᠯᠳᠤᠭᠤᠯᠵᠤ᠂ ᠰᠤᠮᠤᠨ ᠤ ᠨᠠᠮ ᠤᠨ ᠬᠤᠷᠢᠶᠠᠨ ᠤ ᠱᠦᠵᠢ ᠰᠢᠦᠢ ᠲᠢᠶᠠᠨ ᠬᠤᠷᠠᠯ ᠢ ᠡᠷᠬᠢᠯᠡᠵᠦ᠂ ᠰᠤᠮᠤᠨ ᠤ ᠨᠠᠮ ᠵᠠᠰᠠᠭ ᠤᠨ ᠪᠠᠭ ᠤᠨ ᠪᠦᠷᠢᠯᠳᠦᠬᠦᠨ᠂ ᠬᠡᠰᠡᠭ ᠳᠠᠭᠠᠭᠠᠴᠢᠯᠠᠭᠰᠠᠨ ᠤᠳᠤᠷᠢᠳᠤᠯᠭ᠎ᠠ ᠬᠤᠷᠠᠯ ᠳᠤ ᠣᠷᠣᠯᠴᠠᠪᠠ᠃    ᠬᠤᠷᠠᠯ ᠳᠡᠭᠡᠷ᠎ᠡ᠂ ᠰᠤᠮᠤᠨ ᠤ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠥᠷᠥ ᠬᠠᠤᠯᠢ ᠴᠠᠭᠠᠵᠠ ᠶᠢᠨ ᠭᠡᠰᠢᠭᠦᠨ ᠵᠠᠩ ᠰᠢᠶᠣᠤ ᠷᠠᠨ ᠡᠯ᠎ᠡ ᠭᠠᠴᠠᠭᠠᠨ ᠤ ᠠᠮᠤᠷ ᠲᠦᠪᠰᠢᠨ ᠤ ᠪᠠᠶᠢᠭᠤᠯᠤᠯᠲᠠ ᠶᠢᠨ ᠠᠵᠢᠯ ᠢ ᠥᠷᠨᠢᠭᠦᠯᠦᠭᠰᠡᠨ ᠪᠠᠶᠢᠳᠠᠯ ᠢ ᠵᠠᠷᠯᠠᠨ ᠮᠡᠳᠡᠭᠳᠡᠭᠰᠡᠨ ᠪᠥᠭᠡᠳ ᠳᠠᠷᠠᠭᠠᠴᠢ ᠶᠢᠨ ᠠᠯᠬᠤᠮ ᠤᠨ ᠠᠮᠤᠷ ᠲᠦᠪᠰᠢᠨ ᠤ ᠪᠠᠶᠢᠭᠤᠯᠤᠯᠲᠠ ᠶᠢᠨ ᠠᠵᠢᠯ ᠢ ᠳᠠᠬᠢᠨ ᠲᠣᠬᠢᠷᠠᠭᠤᠯᠵᠤ ᠳᠠᠬᠢᠨ ᠪᠠᠶᠢᠷᠢᠯᠠᠭᠤᠯᠪᠠ᠃    ᠬᠤᠷᠠᠯ ᠠᠴᠠ᠂ ᠨᠢᠭᠡ ᠳᠤ᠂ ᠦᠵᠡᠯ ᠰᠠᠨᠠᠭᠠᠨ ᠤ ᠵᠣᠭᠰᠣᠴᠠ ᠪᠠᠨ ᠳᠡᠭᠡᠭᠰᠢᠯᠡᠭᠦᠯᠬᠦ ᠬᠡᠷᠡᠭᠲᠡᠢ᠃ ᠣᠳᠣᠬᠠᠨ ᠤ ᠠᠮᠤᠷ ᠠᠮᠤᠭᠤᠯᠠᠩ ᠤᠨ ᠪᠠᠶᠢᠭᠤᠯᠤᠯᠲᠠ ᠶᠢᠨ ᠠᠵᠢᠯ ᠳᠤ ᠲᠤᠯᠭᠠᠷᠠᠵᠤ ᠪᠠᠶᠢᠭ᠎ᠠ ᠴᠢᠬᠤᠯᠠ ᠴᠢᠨᠠᠷ ᠢ ᠰᠡᠷᠭᠡᠭ ᠢᠶᠠᠷ ᠲᠠᠨᠢᠵᠤ᠂ ᠬᠠᠷᠢᠭᠤᠴᠠᠯᠭ᠎ᠠ ᠡᠭᠦᠷᠭᠡᠯᠡᠬᠦ ᠤᠬᠠᠮᠰᠠᠷ ᠢᠶᠠᠨ ᠴᠢᠩᠭᠠᠳᠬᠠᠵᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠢᠳᠡᠪᠬᠢᠲᠡᠢ ᠰᠠᠨᠠᠭᠠᠴᠢᠯᠠᠭ᠎ᠠ ᠠᠴᠠ ᠪᠠᠨ ᠠᠵᠢᠯᠯᠠᠵᠤ᠂ ᠠᠮᠤᠷ ᠠᠮᠤᠭᠤᠯᠠᠩ ᠤᠨ ᠪᠠᠶᠢᠭᠤᠯᠤᠯᠲᠠ ᠶᠢᠨ ᠠᠵᠢᠯ ᠤᠨ ᠦᠷᠭᠦᠯᠵᠢᠯᠡᠨ ᠭᠦᠨᠵᠡᠭᠡᠶᠢᠷᠡᠨ ᠪᠣᠳᠠᠲᠠᠶᠢᠵᠢᠬᠤ ᠶᠢ ᠠᠬᠢᠭᠤᠯᠬᠤ ᠬᠡᠷᠡᠭᠲᠡᠢ᠃ ᠬᠤᠶᠠᠷ ᠲᠤ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠪᠠ᠃ ᠰᠤᠮᠤᠨ ᠤ ᠤᠯᠤᠰ ᠲᠥᠷᠥ ᠬᠠᠤᠯᠢ ᠴᠠᠭᠠᠵᠠ ᠶᠢᠨ ᠰᠠᠯᠪᠤᠷᠢ ᠪᠠᠭ᠎ᠠ ᠠᠩᠭᠢ᠂ ︽ᠤᠯᠠᠭᠠᠨ ᠪᠠᠲᠤᠴᠠᠭᠠᠨ ᠤ ᠴᠠᠭᠳᠠᠭ᠎ᠠ︾ ᠶᠢᠨ ᠡᠩᠨᠡᠭᠡ᠂ ᠠᠮᠤᠷ ᠠᠮᠤᠭᠤᠯᠠᠩ ᠤᠨ ᠪᠠᠶᠢᠭᠤᠯᠤᠯᠲᠠ ᠶᠢᠨ ᠲᠤᠰᠬᠠᠢ ᠲᠤᠰᠢᠶᠠᠯᠲᠠᠨ ᠵᠡᠷᠭᠡ ᠬᠥᠮᠦᠰ ᠤᠨ ᠬᠦᠴᠦᠨ ᠢ ᠭᠦᠢᠴᠡᠳ ᠳᠠᠶᠢᠴᠢᠯᠠᠨ᠂ ᠣᠯᠠᠨ ᠢᠶᠠᠷ ᠢᠶᠠᠨ ᠰᠡᠷᠭᠡᠶᠢᠯᠡᠵᠦ ᠣᠯᠠᠨ ᠢᠶᠠᠷ ᠢᠶᠠᠨ ᠵᠠᠰᠠᠬᠤ ᠵᠢᠴᠢ ᠰᠠᠯᠠᠭ᠎ᠠ ᠮᠥᠴᠢᠷ ᠤᠨ ᠬᠤᠯᠪᠣᠭᠠᠯᠠᠨ ᠬᠥᠳᠡᠯᠦᠯᠴᠡᠬᠦ ᠶᠢ ᠴᠢᠩᠭᠠᠳᠬᠠᠵᠤ᠂ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠨ᠂ ᠬᠠᠮᠲᠤᠪᠠᠷ ᠪᠠᠶᠢᠭᠤᠯᠵᠤ ᠬᠠᠮᠲᠤᠪᠠᠷ ᠵᠠᠰᠠᠵᠤ ᠬᠠᠮᠲᠤᠪᠠᠷ ᠡᠳ᠋ᠯᠡᠬᠦ ᠰᠠᠶᠢᠨ ᠰᠠᠶᠢᠬᠠᠨ ᠵᠠᠰᠠᠯᠲᠠ ᠶᠢᠨ ᠪᠠᠶᠢᠷᠢᠰᠢᠯ ᠢ ᠪᠠᠶᠢᠭᠤᠯᠬᠤ ᠶᠢ ᠠᠬᠢᠭᠤᠯᠪᠠ᠃ ᠭᠤᠷᠪᠠ ᠳᠤ᠂ ᠭᠤᠣᠯᠳᠠᠯᠭ᠎ᠠ ᠲᠠᠢ ᠡᠭᠦᠷᠭᠡ ᠳᠤ ᠠᠩᠬᠠᠷᠤᠯ ᠢᠶᠠᠨ ᠲᠥᠪᠯᠡᠷᠡᠭᠦᠯᠦᠨ᠎ᠡ᠃ ᠵᠥᠷᠢᠴᠡᠯ ᠵᠢᠭᠤᠷᠠᠯᠳᠤᠭᠠᠨ ᠢ ᠵᠢᠭᠰᠠᠭᠠᠨ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠵᠤ᠂ ᠣᠯᠵᠤ ᠮᠡᠳᠡᠭᠰᠡᠨ ᠵᠥᠷᠢᠴᠡᠯ ᠵᠢᠭᠤᠷᠠᠯᠳᠤᠭᠠᠨ ᠢ ᠴᠠᠭ ᠲᠤᠬᠠᠢ ᠳᠤᠨᠢ ᠮᠥᠷᠳᠡᠨ ᠳᠠᠭᠠᠵᠤ ᠡᠶᠡᠳᠡᠭᠦᠯᠦᠨ ᠰᠢᠢᠳᠪᠦᠷᠢᠯᠡᠬᠦ ᠶᠢᠨ ᠬᠠᠮᠲᠤ ᠲᠣᠭᠲᠠᠮᠠᠯ ᠬᠤᠭᠤᠴᠠᠭ᠎ᠠ ᠲᠠᠢ ᠪᠠᠷ ᠬᠠᠷᠢᠭᠤ ᠰᠤᠷᠪᠤᠯᠵᠢᠯᠠᠬᠤ ᠬᠡᠷᠡᠭᠲᠡᠢ᠃ ᠭᠤᠣᠯᠳᠠᠯᠭ᠎ᠠ ᠲᠠᠢ ᠬᠥᠮᠦᠰ ᠢ ᠨᠠᠷᠢᠨ ᠬᠢᠨᠠᠮᠠᠭᠠᠢ ᠣᠶᠢᠯᠠᠭᠠᠨ ᠵᠢᠭᠰᠠᠭᠠᠨ ᠪᠠᠶᠢᠴᠠᠭᠠᠵᠤ᠂ ᠵᠢᠭᠰᠠᠭᠠᠨ ᠪᠠᠶᠢᠴᠠᠭᠠᠵᠤ ᠭᠠᠷᠭᠠᠭᠰᠠᠨ ᠭᠤᠣᠯᠳᠠᠯᠭ᠎ᠠ ᠲᠠᠢ ᠬᠥᠮᠦᠰ ᠲᠤ ᠬᠠᠮᠢᠶᠠᠷᠤᠨ ᠡᠵᠡᠮᠳᠡᠬᠦ ᠬᠠᠷᠢᠭᠤᠴᠠᠯᠭᠠᠲᠠᠨ ᠢ ᠲᠣᠭᠲᠠᠭᠠᠵᠤ᠂ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠨ᠎ᠡ᠃ ᠵᠠᠬᠢᠷᠤᠨ ᠬᠠᠮᠢᠶᠠᠷᠬᠤ ᠢᠷᠲᠦ ᠪᠠᠭᠠᠵᠢ ᠶᠢ ᠢᠳᠬᠠᠨ ᠲᠤᠰᠢᠶᠠᠬᠤ ᠡᠷᠴᠢᠮ ᠢᠶᠠᠨ ᠴᠢᠩᠭᠠᠷᠠᠭᠤᠯᠵᠤ᠂ ᠬᠠᠷᠢᠶᠠᠲᠤ ᠣᠷᠣᠨ ᠤ ᠮᠠᠯᠴᠢᠨ ᠲᠠᠷᠢᠶᠠᠴᠢᠨ ᠢ ᠪᠦᠬᠦ ᠲᠠᠯ᠎ᠠ ᠪᠠᠷ ᠤᠬᠠᠭᠤᠯᠤᠨ ᠢᠳᠬᠠᠵᠤ᠂ ᠲᠤᠰᠢᠶᠠᠪᠠᠰᠤ ᠵᠣᠬᠢᠬᠤ ᠶᠢ ᠨᠢ ᠪᠦᠬᠦᠨ ᠢ ᠲᠤᠰᠢᠶᠠᠬᠤ ᠬᠡᠷᠡᠭᠲᠡᠢ᠃ ᠳᠥᠷᠪᠡ ᠳᠤ᠂ ᠤᠬᠠᠭᠤᠯᠵᠤ ᠬᠥᠲᠥᠯᠥᠨ ᠵᠢᠯᠣᠭᠤᠳᠬᠤ ᠶᠢ ᠴᠢᠩᠭᠠᠳᠬᠠᠨ᠎ᠠ᠃ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨᠠᠬᠢ ᠶᠢ ᠤᠶᠠᠯᠳᠤᠭᠤᠯᠬᠤ ᠠᠷᠭ᠎ᠠ ᠬᠡᠯᠪᠡᠷᠢ ᠶᠢ ᠠᠪᠴᠤ᠂ ᠠᠮᠢᠨ ᠬᠡᠷᠡᠭ ᠢ ᠰᠡᠷᠭᠡᠶᠢᠯᠡᠨ ᠡᠵᠡᠮᠳᠡᠬᠦ᠂ ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠂ ᠰᠢᠨᠵᠢᠯᠡᠬᠦ ᠤᠬᠠᠭᠠᠨᠴᠢ ᠪᠥᠭᠡᠳ ᠣᠶᠤᠨᠴᠢ ᠪᠠᠷ ᠠᠷᠢᠬᠢ ᠤᠤᠭᠤᠬᠤ᠂ ᠭᠠᠵᠢᠭᠤ ᠨᠣᠮᠯᠠᠯ ᠢ ᠡᠰᠡᠷᠭᠦᠴᠡᠬᠦ᠂ ᠮᠡᠬᠡᠯᠡᠯ ᠢ ᠰᠡᠷᠭᠡᠶᠢᠯᠡᠬᠦ᠂ ᠦᠨᠡᠨ ᠶᠣᠰᠣᠨ ᠤ ᠲᠥᠯᠥᠭᠡ ᠡᠷᠡᠯᠬᠡᠭᠯᠡᠨ ᠲᠡᠮᠡᠴᠡᠬᠦ᠂ ᠬᠤᠣᠷᠲᠤ ᠡᠳ᠋ ᠴᠠᠭᠠᠵᠠᠯᠠᠵᠤ ᠵᠣᠭᠤᠰ ᠨᠠᠭᠠᠳᠬᠤ ᠶᠢ ᠴᠠᠭᠠᠵᠠᠯᠠᠬᠤ ᠵᠡᠷᠭᠡ ᠤᠬᠠᠭᠤᠯᠭ᠎ᠠ ᠶᠢᠨ ᠠᠵᠢᠯᠯᠠᠭ᠎ᠠ ᠶᠢ ᠪᠠᠶᠢᠩᠭᠤᠵᠢᠭᠤᠯᠤᠨ ᠥᠷᠨᠢᠭᠦᠯᠵᠦ᠂ ᠮᠠᠯᠴᠢᠨ ᠲᠠᠷᠢᠶᠠᠴᠢᠨ ᠢ ᠬᠥᠲᠥᠯᠥᠨ ᠵᠢᠯᠣᠭᠤᠳᠴᠤ ᠪᠠᠶᠢᠭᠠᠳ ᠠᠮᠤᠷ ᠲᠦᠪᠰᠢᠨ ᠤ ᠪᠠᠶᠢᠭᠤᠯᠤᠯᠲᠠ ᠶᠢᠨ ᠠᠵᠢᠯ ᠳᠤ ᠰᠠᠨᠠᠭᠠᠴᠢᠯᠠᠭ᠎ᠠ ᠠᠴᠠ ᠪᠠᠨ ᠣᠷᠣᠯᠴᠠᠭᠤᠯᠵᠤ᠂ ᠬᠠᠷᠢᠶᠠᠲᠤ ᠣᠷᠣᠨ ᠤ ᠡᠶ᠎ᠡ ᠵᠣᠬᠢᠴᠠᠩᠭᠤᠢ ᠲᠣᠭᠲᠠᠭᠤᠨ ᠢ ᠬᠠᠮᠠᠭᠠᠯᠠᠬᠤ ᠳᠤ ᠰᠠᠶᠢᠨ ᠰᠠᠶᠢᠬᠠᠨ ᠠᠭᠤᠷ ᠠᠮᠢᠰᠬᠤᠯ ᠢ ᠪᠣᠢ ᠪᠣᠯᠭᠠᠬᠤ ᠬᠡᠷᠡᠭᠲᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号