ᠬᠤᠷᠤᠳ ᠤᠨ ᠦᠢᠯᠡᠳᠦᠯ
ᠨᠡᠶᠢᠲᠡᠯᠡᠭᠰᠡᠨ ᠴᠠᠭ᠄
2024/7/26
    ᠮᠣᠩᠭᠤᠯᠴᠤᠳ ᠬᠡᠳᠦᠨ ᠮᠢᠩᠭᠠᠨ ᠵᠢᠯ ᠤᠨ ᠲᠤᠷᠰᠢ ᠲᠠᠯ᠎ᠠ ᠨᠤᠲᠤᠭ ᠤᠨ ᠨᠡᠭᠦᠳᠡᠯ ᠰᠣᠶᠣᠯ ᠤᠨ ᠪᠣᠯᠪᠠᠰᠤᠨ ᠢ ᠪᠦᠲᠦᠭᠡᠬᠦ ᠶᠠᠪᠤᠴᠠ ᠳᠤ ᠪᠠᠨ ᠴᠠᠭᠠᠨ ᠢᠳᠡᠭᠡᠨ ᠭᠡᠮᠡᠭᠦ ᠥᠪᠡᠷᠮᠢᠴᠡ ᠰᠠᠶᠢᠬᠠᠨ ᠢᠳᠡᠭᠡᠨ ᠤᠮᠳᠠᠭᠠᠨ ᠤ ᠰᠣᠶᠣᠯ ᠢ ᠡᠭᠦᠳᠦᠭᠰᠡᠨ ᠪᠢᠯᠡ᠃ ᠴᠠᠭᠠᠨ ᠢᠳᠡᠭᠡᠨ ᠪᠣᠯ ᠰᠢᠮ᠎ᠡ ᠲᠡᠵᠢᠭᠡᠯ ᠢᠶᠠᠷ ᠥᠨᠳᠥᠷ ᠴᠤᠯ ᠪᠠᠶᠢᠭᠠᠯᠢᠯᠢᠭ ᠢᠳᠡᠭᠡᠨ ᠮᠥᠨ᠂ ᠳᠡᠭᠡᠪᠡᠯ ᠴᠠᠭᠠᠨ ᠢᠳᠡᠭᠡᠨ ᠤ ᠭᠤᠣᠯ ᠲᠦᠷᠦᠯ ᠵᠦᠢᠯ ᠪᠤᠯᠬᠤ ᠬᠤᠷᠤᠳ ᠨᠢ ᠬᠥᠮᠥᠨ ᠤ ᠪᠡᠶ᠎ᠡ ᠳᠤ ᠶᠠᠮᠠᠷ ᠠᠴᠢ ᠲᠤᠰᠠ ᠲᠠᠢ ᠪᠣᠯ︖ ᠨᠤᠲᠤᠭ ᠨᠤᠲᠤᠭ ᠤᠨ ᠥᠪᠡᠷᠮᠢᠴᠡ ᠣᠨᠴᠠᠯᠢᠭ ᠠᠴᠠ ᠪᠣᠯᠵᠤ ᠬᠤᠷᠤᠳ ᠤᠨ ᠳᠦᠷᠦᠯ ᠵᠦᠢᠯ ᠪᠠ ᠬᠢᠬᠦ ᠠᠷᠭ᠎ᠠ ᠪᠦᠷ ᠠᠳᠠᠯᠢ ᠦᠭᠡᠢ᠂ ᠶᠡᠷᠦᠳᠡᠭᠡᠨ ᠰᠦᠨ ᠬᠤᠷᠤᠳ ᠪᠠ ᠠᠭᠠᠷᠴᠠᠨ ᠬᠤᠷᠤᠳ ᠭᠡᠵᠦ ᠬᠤᠶᠠᠷ ᠠᠩᠭᠢᠯᠠᠨ᠎ᠠ᠃ ᠰᠦᠨ ᠬᠤᠷᠤᠳ ᠪᠣᠯ ᠬᠠᠮᠤᠭ ᠤᠨ ᠥᠯ ᠰᠢᠮ᠎ᠡ ᠲᠠᠢ ᠢᠳᠡᠭᠡᠨ ᠪᠣᠯᠣᠨ᠎ᠠ᠃ ᠰᠦᠨ ᠬᠤᠷᠤᠳ ᠲᠤ ᠬᠥᠮᠥᠨ ᠤ ᠪᠡᠶ᠎ᠡ ᠳᠤ ᠬᠡᠷᠡᠭᠰᠡᠬᠦ ᠠᠮᠢᠨᠤ᠋ ᠬᠦᠴᠢᠯ ᠠᠷᠪᠢᠨ ᠠᠭᠤᠯᠤᠭᠳᠠᠵᠤ ᠪᠠᠶᠢᠳᠠᠭ ᠪᠣᠯᠬᠤᠷ ᠪᠡᠶ᠎ᠡ ᠶᠢᠨ ᠲᠠᠮᠢᠷ ᠢ ᠰᠠᠶᠢᠵᠢᠷᠠᠭᠤᠯᠵᠤ᠂ ᠡᠪᠡᠳᠴᠢᠨ ᠡᠰᠡᠷᠭᠦᠴᠡᠬᠦ ᠦᠢᠯᠡᠳᠦᠯ ᠲᠠᠢ︔ ᠣᠶᠢᠷ᠎ᠠ ᠶᠢᠨ ᠵᠢᠯ ᠤᠨ ᠰᠤᠳᠤᠯᠭᠠᠨ ᠠᠴᠠ ᠦᠵᠡᠪᠡᠯ᠂ ᠰᠦ ᠶᠢ ᠪᠣᠯᠪᠠᠰᠤᠷᠠᠭᠤᠯᠤᠨ ᠬᠤᠷᠤᠳ ᠬᠢᠬᠦ ᠶᠠᠪᠤᠴᠠ ᠳᠤ ᠰᠦᠨ ᠳᠣᠲᠣᠷ᠎ᠠ ᠠᠭᠤᠯᠤᠭᠳᠠᠬᠤ ᠨᠢᠭᠡ ᠵᠦᠢᠯ ᠤᠨ ᠤᠭᠤᠷᠠᠭ ᠠᠴᠠ ᠵᠠᠳᠠᠷᠠᠨ ᠡᠭᠦᠰᠦᠭᠰᠡᠨ ᠪᠣᠳᠠᠰ ᠨᠢ ᠴᠢᠰᠤᠨ ᠤ ᠢᠯᠲᠠᠰᠤ ᠡᠭᠡᠳᠡᠭᠦ ᠶᠢ ᠬᠤᠷᠢᠭᠯᠠᠨ᠎ᠠ᠂ ᠡᠨᠡ ᠨᠢ ᠴᠢᠰᠤᠨ ᠤ ᠳᠠᠷᠤᠯᠲᠠ ᠶᠢ ᠪᠠᠭᠤᠷᠠᠭᠤᠯᠬᠤ ᠦᠢᠯᠡᠳᠦᠯ ᠲᠠᠢ᠃ ᠠᠭᠠᠷᠴᠠᠨ ᠬᠤᠷᠤᠳ ᠬᠤᠣᠷ ᠲᠠᠶᠢᠯᠬᠤ᠂ ᠰᠢᠮᠡᠵᠢᠭᠦᠯᠦᠨ ᠲᠠᠮᠢᠷᠵᠢᠭᠤᠯᠬᠤ ᠪᠠ ᠤᠮᠳᠠᠭᠠᠰᠬᠤ ᠶᠢ ᠵᠣᠭᠰᠤᠭᠠᠬᠤ ᠵᠡᠷᠭᠡ ᠴᠢᠳᠠᠮᠵᠢ ᠲᠠᠢ᠂ ᠭᠤᠣᠯᠳᠠᠭᠤ ᠢᠳᠡᠭᠡᠨ ᠤ ᠬᠤᠣᠷ ᠪᠠ ᠡᠮ ᠤᠨ ᠬᠤᠣᠷ ᠢ ᠳᠠᠶᠢᠯᠵᠤ᠂ ᠤᠮᠳᠠᠭᠠᠰᠬᠤ ᠶᠢ ᠵᠤᠭᠰᠤᠭᠠᠵᠤ ᠲᠠᠶᠢᠯᠤᠨ᠎ᠠ᠃ ᠰᠦᠨ ᠬᠤᠷᠤᠳ ᠪᠣᠯᠣᠨ ᠠᠭᠠᠷᠴᠠᠨ ᠬᠤᠷᠤᠳ ᠲᠤ ᠸᠢᠲ᠋ᠠᠮᠢᠨ᠂ ᠥᠭᠡᠬᠦ᠂ ᠹᠣᠰᠹᠣᠷ᠂ ᠲᠡᠮᠦᠷ ᠵᠡᠷᠭᠡ ᠬᠥᠮᠥᠨ ᠤ ᠪᠡᠶ᠎ᠡ ᠳᠤ ᠲᠤᠰᠠᠲᠠᠢ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ ᠠᠴᠠ ᠭᠠᠳᠠᠨ᠎ᠠ ᠲᠠᠷᠬᠠᠯᠠᠭ᠎ᠠ ᠶᠢ ᠳᠡᠭᠡᠭᠰᠢᠯᠡᠭᠦᠯᠵᠤ᠂ ᠥᠩᠭᠡ ᠵᠢᠰᠦ ᠶᠢ ᠭᠤᠸᠠᠯᠢᠭᠵᠢᠭᠤᠯᠬᠤ ᠦᠢᠯᠡᠳᠦᠯ ᠲᠠᠢ᠃ ᠮᠣᠩᠭᠤᠯᠴᠤᠳ ᠪᠠᠶᠢᠭᠠᠯᠢ᠂ ᠴᠠᠭ ᠠᠭᠠᠷ ᠤᠨ ᠨᠥᠬᠦᠴᠡᠯ ᠳᠤ ᠲᠣᠬᠢᠷᠠᠭᠤᠯᠤᠨ ᠰᠦ ᠪᠠᠷ ᠤᠯᠠᠨ ᠳᠦᠷᠦᠯ ᠤᠨ ᠴᠠᠭᠠᠨ ᠢᠳᠡᠭᠡᠨ ᠤ ᠪᠦᠲᠦᠭᠡᠭᠳᠡᠬᠦᠨ ᠬᠢᠵᠦ᠂ ᠵᠢᠯ ᠤᠨ ᠳᠦᠷᠪᠡᠨ ᠤᠯᠠᠷᠢᠯ ᠳᠤ ᠵᠣᠬᠢᠴᠠᠭᠤᠯᠤᠨ ᠬᠦᠨᠡᠰᠦᠨ ᠳᠤ ᠪᠠᠨ ᠬᠡᠷᠡᠭᠯᠡᠳᠡᠭ ᠢᠶᠠᠷ ᠮᠤᠩᠬᠤᠯ ᠬᠥᠮᠥᠨ ᠤ ᠪᠡᠶ᠎ᠡ ᠳᠤ ᠭᠠᠶᠢᠬᠠᠮᠰᠢᠭᠲᠠᠢ ᠵᠣᠬᠢᠴᠠᠵᠤ᠂ ᠡᠷᠡᠭᠦᠯ ᠰᠠᠷᠠᠭᠤᠯ ᠠᠵᠤ ᠳᠦᠷᠦᠭᠦ ᠰᠠᠭᠤᠷᠢ ᠪᠣᠯᠣᠭᠰᠠᠭᠠᠷ ᠢᠷᠡᠭᠰᠡᠨ ᠶᠤᠮ᠃ ᠬᠠᠬᠢᠷ ᠬᠦᠢᠲᠡᠨ ᠤᠯᠠᠷᠢᠯ ᠳᠤ ᠳᠠᠷᠬᠠᠯᠠᠭ᠎ᠠ ᠰᠡᠷᠭᠦᠭᠡᠵᠦ ᠶᠠᠳᠠᠷᠠᠭ᠎ᠠ ᠲᠠᠶᠢᠯᠬᠤ ᠳᠤ ᠠᠭᠠᠷᠴᠠᠨ ᠬᠤᠷᠤᠳ ᠬᠢᠭᠰᠡᠨ ᠪᠠᠩᠰᠢ ᠲᠠᠢ ᠱᠥᠯᠥ ᠤᠤᠭᠤᠨ᠎ᠠ︔ ᠬᠤᠳᠣᠭᠤᠳᠤ ᠳᠡᠯᠢᠭᠦᠦ ᠶᠢᠨ ᠲᠠᠮᠢᠷ ᠳᠣᠷᠦ᠋ᠢᠲᠠᠬᠤ ᠳᠤ ᠬᠤᠷᠤᠳ ᠲᠠᠢ ᠭᠤᠯᠢᠷ ᠢᠳᠡᠭᠡᠨ ᠢᠶᠠᠷ ᠡᠮᠨᠡᠳᠡᠭ︔ ᠬᠤᠷᠤᠳ ᠮᠢᠬ᠎ᠠ ᠶᠢᠨ ᠵᠠᠭᠤᠰᠢ ᠨᠢ ᠲᠠᠪᠤᠨ ᠴᠤᠯᠤ ᠶᠢ ᠰᠠᠶᠢᠵᠢᠷᠠᠭᠤᠯᠤᠨ᠎ᠠ︔ ᠬᠤᠣᠷᠲᠤ ᠮᠣᠭᠠᠢ ᠪᠤᠶᠤ ᠰᠢᠪᠠᠵᠢ ᠬᠤᠷᠣᠬᠠᠢ ᠳᠤ ᠬᠠᠵᠠᠭᠳᠠᠪᠠᠯ ᠴᠠᠭ᠎ᠠ ᠶᠢᠨ ᠳᠤᠭᠰᠢᠨ ᠰᠢᠷᠡᠰᠤ ᠪᠠᠷ ᠤᠬᠢᠶᠠᠬᠤ ᠪᠤᠶᠤ ᠠᠭᠠᠷᠴᠠ ᠰᠢᠪᠠᠵᠤ ᠬᠤᠣᠷ ᠲᠠᠶᠢᠯᠬᠤ ᠵᠡᠷᠭᠡ ᠤᠯᠠᠨ ᠤᠯᠠᠮᠵᠢᠯᠠᠯᠲᠤ ᠵᠣᠷ ᠤᠳ ᠪᠤᠢ᠃ ᠡᠭᠦᠨ ᠠᠴᠠ ᠭᠠᠳᠠᠨ᠎ᠠ ᠠᠭᠠᠷᠴᠠᠨ ᠬᠤᠷᠤᠳ ᠢ ᠵᠢᠵᠢᠭᠯᠡᠭᠡᠳ ᠶᠠᠰᠤᠨ ᠤ ᠱᠥᠯᠥ᠂ ᠮᠢᠬ᠎ᠠ ᠲᠠᠢ ᠪᠤᠳᠠᠭ᠎ᠠ ᠪᠣᠯᠣᠨ ᠱᠥᠯᠥ ᠭᠤᠯᠢᠷ ᠲᠤ ᠬᠢᠵᠦ ᠢᠳᠡᠳᠡᠭ᠃ ᠪᠠᠰᠠ ᠵᠠᠷᠢᠮ ᠠᠶᠢᠯ ᠬᠠᠷ᠎ᠠ ᠱᠥᠯᠥ ᠪᠣᠯᠣᠨ ᠪᠤᠤᠵᠠ᠂ ᠪᠠᠩᠰᠢ ᠶᠢᠨ ᠨᠠᠶᠢᠷᠠᠯᠭ᠎ᠠ ᠳᠤ ᠪᠠᠨ ᠠᠭᠠᠷᠴᠠᠨ ᠬᠤᠷᠤᠳ ᠬᠢᠵᠦ ᠢᠳᠡᠨ᠎ᠡ᠃ ᠢᠩᠭᠢᠵᠦ ᠢᠳᠡᠬᠦ ᠨᠢ ᠢᠳᠡᠰᠢ ᠰᠢᠩᠭᠡᠭᠡᠬᠦ᠂ ᠬᠤᠳᠣᠭᠤᠳᠤ ᠭᠡᠳᠡᠰᠦ ᠶᠢ ᠰᠠᠶᠢᠵᠢᠷᠠᠭᠤᠯᠬᠤ᠂ ᠶᠠᠳᠠᠷᠠᠭ᠎ᠠ ᠲᠠᠶᠢᠯᠬᠤ ᠪᠠ ᠬᠦᠴᠦ ᠲᠠᠮᠢᠷ ᠤᠷᠤᠭᠤᠯᠬᠤ ᠦᠢᠯᠡᠳᠦᠯ ᠲᠠᠢ︔ ᠥᠷᠯᠥᠭᠡᠨ ᠤ ᠴᠠᠢ ᠳᠠᠭᠠᠨ ᠬᠡᠳᠦᠨ ᠵᠦᠰᠦᠮ ᠬᠤᠷᠤᠳ ᠬᠢᠭᠡᠳ ᠤᠤᠭᠤᠪᠠᠯ ᠬᠠᠭᠠᠰ ᠡᠳᠦᠷ ᠥᠯᠥᠰᠴᠦ ᠤᠮᠳᠠᠭᠠᠰᠬᠤ ᠦᠭᠡᠢ ᠥᠯ ᠲᠠᠢ ᠪᠠᠶᠢᠳᠠᠭ ᠪᠥᠭᠡᠳ ᠲᠡᠷᠡᠴᠢᠯᠡᠨ ᠡᠳᠦᠷ ᠪᠦᠷᠢ ᠬᠤᠷᠤᠳ ᠲᠠᠢ ᠴᠠᠢ ᠤᠤᠭᠤᠬᠤ ᠨᠢ ᠪᠡᠶ᠎ᠡ ᠮᠠᠬᠠᠪᠤᠳ ᠢ ᠴᠢᠭᠢᠷᠠᠭᠵᠢᠭᠤᠯᠤᠨ᠂ ᠳᠠᠷᠬᠠᠯᠠᠭ᠎ᠠ ᠶᠢ ᠶᠡᠬᠡᠪᠡᠷ ᠰᠠᠶᠢᠵᠢᠷᠠᠭᠤᠯᠳᠠᠭ᠃ ᠭᠡᠪᠡᠴᠦ ᠬᠤᠷᠤᠳ ᠨᠢ ᠰᠢᠩᠭᠡᠭᠦ ᠳᠤ ᠤᠳᠠᠭᠠᠨ ᠤᠴᠢᠷ ᠠᠴᠠ ᠰᠢᠩᠭᠡᠭᠡᠯᠲᠡ ᠮᠠᠭᠤ ᠬᠥᠮᠥᠰ ᠠᠷᠪᠢᠨ ᠢᠳᠡᠵᠦ ᠪᠤᠯᠬᠤ ᠦᠭᠡᠢ︔ ᠬᠤᠷᠤᠳ ᠲᠤ ᠫᠦᠷᠢᠨ ᠠᠷᠪᠢᠨ ᠠᠭᠤᠯᠤᠭᠳᠠᠬᠤ ᠤᠴᠢᠷ ᠠᠴᠠ ᠦᠷᠭᠡᠰᠤᠳᠤ ᠬᠠᠪᠤᠳᠠᠷ ᠲᠠᠢ ᠡᠪᠡᠳᠴᠢᠲᠡᠨ ᠪᠣᠯᠣᠨ ᠴᠢᠰᠤᠨ ᠳᠠᠬᠢ ᠰᠢᠭᠡᠰᠦᠨ ᠬᠦᠴᠢᠯ ᠤᠨ ᠥᠳᠬᠡᠴᠡ ᠥᠨᠳᠥᠷ ᠬᠥᠮᠥᠰ ᠢᠳᠡᠬᠦ ᠳᠤ ᠪᠠᠨ ᠬᠢᠴᠢᠶᠡᠬᠦ ᠬᠡᠷᠡᠭᠲᠡᠢ︔ ᠬᠤᠷᠤᠳ ᠲᠤ ᠶᠡᠭᠡ ᠬᠡᠮᠵᠢᠶᠡᠨ ᠤ ᠠᠮᠢᠨᠤ᠋ ᠬᠦᠴᠢᠯ ᠠᠭᠤᠯᠤᠭᠳᠠᠬᠤ ᠤᠴᠢᠷ ᠠᠴᠠ ᠭᠡᠳᠤ ᠠᠷᠪᠢᠨ ᠢᠳᠡᠪᠡᠯ ᠨᠦᠢᠷ ᠬᠤᠯᠵᠢᠭᠤᠯᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号