7 ᠰᠠᠷ᠎ᠠ ᠶᠢᠨ 15 ᠤ ᠡᠳᠦᠷ᠂ ᠡᠨᠡ ᠵᠢᠯ ᠤᠨ ᠹᠦ᠋ ᠶᠢᠨ ᠨᠢᠭᠡᠳᠦᠭᠡᠷ ᠡᠳᠦᠷ᠂ ᠬᠥᠳᠡᠯᠮᠦᠷᠢᠴᠢᠳ ᠢ | ᠬᠦᠨᠳᠦᠳᠬᠡᠯ ᠢᠶᠠᠨ ᠢᠯᠡᠳᠬᠡᠬᠦ ᠶᠢᠨ ᠲᠥᠯᠥᠭᠡ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠨᠠᠮ ᠪᠠ | ᠣᠯᠠᠨ ᠲᠦᠮᠡᠨ ᠤ ᠦᠢᠯᠡᠴᠢᠯᠡᠭᠡᠨ ᠤ ᠲᠥᠪ ᠡᠯ᠎ᠡ ᠬᠤᠪᠢᠰᠬᠠᠯ ᠤᠨ ᠥᠷᠲᠡᠭᠡᠨ ᠳᠤ ︽ᠵᠤᠨ ᠤ ᠡᠳᠦᠷ ᠲᠤ | ᠬᠥᠳᠡᠯᠮᠦᠷᠢᠴᠢᠳ ᠢ ᠬᠠᠯᠠᠮᠵᠢᠯᠠᠨ ᠬᠠᠶᠢᠷᠠᠯᠠᠬᠤ︾ ᠭᠡᠬᠦ ᠭᠤᠣᠯ ᠰᠡᠳᠦᠪᠲᠦ ᠠᠵᠢᠯᠯᠠᠭ᠎ᠠ ᠥᠷᠨᠢᠭᠦᠯᠵᠦ᠂ ᠬᠠᠷᠢᠶᠠᠲᠤ | ᠣᠷᠣᠨ ᠤ ᠠᠮᠢᠳᠤᠯᠢᠭ ᠢᠶᠠᠷ ᠠᠵᠢᠯ ᠣᠯᠤᠭᠰᠠᠳ ᠲᠤ ᠰᠡᠷᠢᠭᠦᠨ ᠢᠳᠡᠭᠡᠨ ᠤ ᠵᠦᠢᠯ᠂ ᠵᠤᠨ ᠤ ᠰᠡᠷᠭᠡᠶᠢᠯᠡᠯᠲᠡ ᠶᠢᠨ | ᠬᠡᠷᠡᠭᠰᠡᠯ ᠢ ᠲᠦᠭᠡᠭᠡᠨ ᠥᠭᠴᠦ᠂ ᠣᠯᠠᠨ ᠳᠤ ᠬᠠᠶᠢᠷ᠎ᠠ ᠬᠠᠯᠠᠮᠵᠢ ᠬᠦᠷᠭᠡᠵᠦ᠂ ᠲᠡᠳᠡᠨ ᠤ ᠡᠨᠡ ᠬᠤᠲᠠ ᠳᠤ ᠬᠤᠪᠢ | ᠨᠡᠮᠡᠷᠢ ᠦᠵᠡᠭᠦᠯᠦᠭᠰᠡᠨ ᠳᠤ ᠲᠠᠯᠠᠷᠬᠠᠪᠠ᠃ | ᠬᠠᠨ ᠠᠭᠤᠯᠠ ᠨᠡᠶᠢᠭᠡᠮ ᠲᠣᠭᠤᠷᠢᠭ᠂ ᠰᠠᠶᠢᠬᠠᠨ ᠨᠡᠶᠢᠭᠡᠮ ᠲᠣᠭᠤᠷᠢᠭ᠂ ᠶᠡᠬᠡᠰᠦ᠋ᠮ᠎ᠡ ᠶᠢᠨ ᠨᠡᠶᠢᠭᠡᠮ ᠲᠣᠭᠤᠷᠢᠭ᠂ | ᠬᠥᠭᠵᠢᠯ ᠨᠡᠶᠢᠭᠡᠮ ᠲᠣᠭᠤᠷᠢᠭ ᠲᠤ ᠠᠵᠢᠯᠲᠠᠳ ᠥᠪᠡᠷ ᠤᠨ ᠭᠠᠷ ᠢᠶᠠᠷ ᠢᠶᠠᠨ ᠴᠢᠨᠠᠵᠤ ᠪᠠᠶᠢᠭ᠎ᠠ ᠨᠣᠭᠤᠭᠠᠨ | ᠪᠤᠷᠴᠠᠭ ᠤᠨ ᠰᠢᠩᠭᠡᠨ ᠪᠤᠳᠠᠭ᠎ᠠ ᠪᠠᠨ ᠳᠡᠰ ᠳᠠᠷᠠᠭᠠᠯᠠᠨ ᠬᠠᠶᠢᠷᠴᠠᠭᠯᠠᠭᠰᠠᠨ ᠪᠥᠭᠡᠳ ᠬᠦᠢᠲᠡᠨ ᠰᠡᠷᠢᠭᠦᠨ ᠨᠠᠭᠠᠬᠤ᠂ | ᠬᠠᠯᠠᠭᠤᠨ ᠠᠴᠠ ᠰᠡᠷᠭᠡᠶᠢᠯᠡᠬᠦ ᠡᠮ ᠵᠡᠷᠭᠡ ᠡᠳᠦᠷ ᠲᠤᠲᠤᠮ ᠤᠨ ᠬᠡᠷᠡᠭᠰᠡᠯ ᠢᠶᠠᠨ ᠪᠡᠯᠡᠳᠬᠡᠵᠦ᠂ ᠬᠤᠪᠢᠰᠬᠠᠯ ᠤᠨ | ᠥᠷᠲᠡᠭᠡᠨ ᠳᠤ ᠠᠮᠠᠷᠠᠭᠰᠠᠳ ᠲᠤ ᠲᠦᠭᠡᠭᠡᠨ ᠥᠭᠴᠦ᠂ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ᠂ | ᠵᠠᠬᠢᠶᠠᠯᠠᠭ᠎ᠠ ᠶᠢᠨ ᠣᠨᠴᠢᠨ᠂ ᠲᠦᠷᠭᠡᠨ ᠬᠦᠷᠭᠡᠭᠴᠢ ᠶᠢᠨ ᠡᠲᠡᠭᠡᠷ ᠬᠥᠳᠡᠯᠮᠦᠷᠢᠴᠢᠳ ᠤᠨ ᠡᠩ ᠤᠨ ᠦᠶ᠎ᠡ ᠳᠤ | ᠭᠠᠳᠠᠨ᠎ᠠ ᠠᠵᠢᠯᠯᠠᠬᠤ ᠴᠠᠭ ᠨᠢ ᠣᠷᠳᠣ᠂ ᠠᠭᠤᠷ ᠠᠮᠢᠰᠬᠤᠯ ᠠᠭᠠᠭᠢᠮ᠎ᠠ ᠬᠠᠯᠠᠭᠤᠨ ᠦᠶ᠎ᠡ ᠳᠤ᠂ ᠥᠷᠲᠡᠭᠡᠨ ᠳᠤ | ᠣᠷᠣᠵᠤ ᠠᠮᠠᠷᠠᠭᠤᠯᠬᠤ ᠨᠡᠩ ᠴᠢᠬᠤᠯᠠᠲᠠᠢ ᠪᠠᠶᠢᠵᠤ᠂ ᠲᠡᠳᠡᠨ ᠢ ᠰᠠᠶᠢᠲᠤᠷ ᠠᠮᠠᠷᠠᠭᠤᠯᠬᠤ ᠶᠢᠨ ᠲᠥᠯᠥᠭᠡ ᠠᠵᠢᠯᠲᠠᠳ | ᠴᠢᠳᠠᠯ ᠤᠨ ᠬᠢᠷᠢ ᠪᠠᠷ ᠢᠶᠠᠨ ᠲᠡᠳᠡᠨ ᠳᠤ ᠬᠠᠯᠠᠭᠤᠨ ᠳᠤᠯᠠᠭᠠᠨ ᠦᠢᠯᠡᠴᠢᠯᠡᠭᠡ ᠬᠠᠩᠭᠠᠵᠤ ᠪᠠᠶᠢᠨ᠎ᠠ᠃ | ︽ᠣᠶᠢᠷ᠎ᠠ ᠳᠤ ᠠᠭᠤᠷ ᠠᠮᠢᠰᠬᠤᠯ ᠮᠠᠰᠢ ᠬᠠᠯᠠᠭᠤᠨ ᠪᠠᠶᠢᠵᠤ᠂ ᠨᠡᠶᠢᠭᠡᠮ ᠲᠣᠭᠤᠷᠢᠭ ᠤᠨ ᠠᠵᠢᠯᠲᠠᠳ | ᠪᠢᠳᠡᠨ ᠳᠤ ᠨᠣᠭᠤᠭᠠᠨ ᠪᠤᠷᠴᠠᠭ ᠤᠨ ᠰᠢᠩᠭᠡᠨ ᠪᠤᠳᠠᠭ᠎ᠠ᠂ ᠬᠦᠢᠲᠡᠨ ᠰᠡᠷᠢᠭᠦᠨ ᠨᠠᠭᠠᠯᠲᠠ ᠲᠦᠭᠡᠭᠡᠵᠡᠢ᠂ ᠪᠢᠳᠡ ᠮᠠᠰᠢ | ᠶᠡᠭᠡ ᠰᠡᠳᠬᠢᠯ ᠳᠤᠯᠠᠭᠠᠬᠠᠨ ᠪᠠᠶᠢᠨ᠎ᠠ᠂ ᠶᠠᠳᠠᠷᠠᠵᠤ ᠵᠦᠳᠡᠷᠡᠭᠰᠡᠨ ᠪᠣᠯ ᠥᠷᠲᠡᠭᠡᠨ ᠳᠤ ᠠᠮᠠᠷᠠᠵᠤ ᠪᠣᠯᠤᠨ᠎ᠠ᠂ ᠣᠳᠣ | ᠨᠡᠶᠢᠭᠡᠮ ᠲᠣᠭᠤᠷᠢᠭ ᠤᠨ ᠦᠢᠯᠡᠴᠢᠯᠡᠭᠡ ᠤᠯᠠᠮ ᠠᠴᠠ ᠤᠯᠠᠮ ᠰᠠᠶᠢᠵᠢᠷᠠᠵᠤ ᠪᠠᠶᠢᠨ᠎ᠠ︾ ᠭᠡᠵᠦ ᠭᠠᠳᠠᠨ᠎ᠠ ᠠᠴᠠ | ᠢᠷᠡᠭᠰᠡᠨ ᠮᠣᠷᠢᠲᠠᠨ ᠯᠢᠦ ᠠᠢ ᠮᠢᠨ ᠬᠡᠯᠡᠨ᠎ᠡ᠃ | ᠣᠶᠢᠯᠠᠭᠠᠭᠰᠠᠨ ᠢᠶᠠᠷ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠨᠡᠶᠢᠲᠡ 4 ᠬᠤᠪᠢᠰᠬᠠᠯᠲᠤ | ᠥᠷᠲᠡᠭᠡ ᠲᠠᠢ᠂ ᠡᠯ᠎ᠡ ᠬᠤᠪᠢᠰᠬᠠᠯ ᠤᠨ ᠥᠷᠲᠡᠭᠡ ᠨᠢ ᠰᠢᠷᠡᠭᠡ ᠰᠠᠨᠳᠠᠯᠢ᠂ ᠪᠣᠷᠣᠭᠠᠨ ᠤ ᠰᠢᠬᠦᠷ᠂ ᠤᠤᠭᠤᠬᠤ | ᠤᠰᠤᠨ ᠤ ᠮᠠᠰᠢᠨ᠂ ᠪᠠᠴᠢᠮ ᠪᠠᠶᠢᠳᠠᠯ ᠢ ᠠᠷᠭᠠᠴᠠᠬᠤ ᠡᠮ ᠤᠨ ᠬᠠᠶᠢᠷᠴᠠᠭ᠂ ᠭᠠᠷ ᠤᠲᠠᠰᠤᠨ ᠤ ᠴᠠᠬᠢᠯᠭᠠᠨ ᠴᠡᠨᠡᠭᠯᠡᠬᠦ | ᠲᠥᠬᠦᠭᠡᠷᠦᠮᠵᠢ᠂ ᠪᠠᠭᠠᠵᠢ ᠶᠢᠨ ᠬᠠᠶᠢᠷᠴᠠᠭ ᠵᠡᠷᠭᠡ ᠡᠳ᠋ ᠪᠣᠳᠠᠰ ᠢ ᠲᠣᠬᠢᠷᠠᠭᠤᠯᠵᠤ᠂ ᠣᠯᠠᠨ ᠳᠤ ᠰᠦᠢᠳᠬᠡᠯ | ᠬᠤᠷᠢᠶᠠᠬᠤ ᠦᠭᠡᠢ ᠦᠢᠯᠡᠴᠢᠯᠡᠭᠡ ᠬᠠᠩᠭᠠᠵᠤ᠂ ᠠᠮᠠᠷᠠᠬᠤ᠂ ᠰᠤᠷᠤᠯᠴᠠᠬᠤ᠂ ᠰᠣᠯᠢᠯᠴᠠᠬᠤ ᠶᠢ ᠨᠢᠭᠡ | ᠴᠣᠭᠴᠠᠵᠢᠭᠤᠯᠤᠭᠰᠠᠨ ᠨᠢᠭᠡ ᠥᠷᠲᠡᠭᠡ ᠮᠠᠶ᠋ᠢᠭ ᠤᠨ ᠦᠢᠯᠡᠴᠢᠯᠡᠭᠡᠨ ᠤ ᠣᠷᠣᠨ ᠵᠠᠢ ᠶᠢ ᠪᠣᠢ ᠪᠣᠯᠭᠠᠪᠠ᠃ ᠬᠠᠨ | ᠠᠭᠤᠯᠠ ᠨᠡᠶᠢᠭᠡᠮ ᠲᠣᠭᠤᠷᠢᠭ ᠤᠨ ᠤᠯᠠᠭᠠᠨ ᠥᠷᠲᠡᠭᠡᠨ ᠳᠤ᠂ ᠠᠵᠢᠯᠲᠠᠳ ᠪᠠᠰᠠ ᠬᠤᠪᠢ ᠬᠤᠷᠠᠮᠳᠤᠭᠤᠯᠵᠤ | ᠱᠠᠩᠨᠠᠬᠤ ᠲᠣᠭᠲᠠᠴᠠ ᠪᠠᠶᠢᠭᠤᠯᠵᠤ᠂ ᠪᠤᠰᠤᠳ ᠤᠨ ᠰᠠᠭᠤᠭᠠᠯᠢ ᠠᠷᠠᠳ ᠢ ᠬᠠᠯᠠᠭᠤᠨ ᠢᠶᠠᠷ ᠬᠠᠪᠰᠤᠷᠴᠤ᠂ | ᠠᠵᠢᠯᠲᠠᠳ ᠰᠠᠭᠤᠭᠠᠯᠢ ᠠᠷᠠᠳ ᠲᠤ ᠬᠤᠪᠢ ᠲᠡᠮᠳᠡᠭᠯᠡᠵᠦ᠂ ᠰᠠᠭᠤᠭᠠᠯᠢ ᠠᠷᠠᠳ ᠬᠤᠪᠢ ᠬᠤᠷᠠᠮᠳᠤᠭᠤᠯᠵᠤ᠂ | ᠤᠯᠠᠭᠠᠨ ᠥᠷᠲᠡᠭᠡᠨ ᠳᠤ ᠡᠳᠦᠷ ᠲᠤᠲᠤᠮ ᠤᠨ ᠬᠡᠷᠡᠭᠰᠡᠯ ᠢ ᠰᠣᠯᠢᠵᠤ ᠪᠣᠯᠤᠨ᠎ᠠ᠃ | ︽ᠲᠤᠰ ᠤᠳᠠᠭᠠᠨ ᠤ ᠠᠵᠢᠯᠯᠠᠭ᠎ᠠ ᠳᠤ᠂ ᠮᠠᠨ ᠤ ᠨᠠᠮ ᠪᠠ ᠣᠯᠠᠨ ᠲᠦᠮᠡᠨ ᠤ ᠦᠢᠯᠡᠴᠢᠯᠡᠭᠡᠨ ᠤ ᠲᠥᠪ | ᠬᠠᠷᠢᠶᠠᠲᠤ ᠣᠷᠣᠨ ᠤ ᠪᠠᠨ ᠠᠮᠢᠳᠤᠯᠢᠭ ᠢᠶᠠᠷ ᠠᠵᠢᠯ ᠣᠯᠤᠭᠰᠠᠳ᠂ ᠵᠢᠱᠢᠶᠡᠯᠡᠪᠡᠯ ᠣᠷᠴᠢᠨ ᠲᠣᠭᠤᠷᠢᠨ ᠤ ᠠᠷᠢᠭᠤᠨ | ᠴᠡᠪᠡᠷ ᠤᠨ ᠠᠵᠢᠯᠴᠢᠨ᠂ ᠬᠤᠳᠠᠯᠳᠤᠭ᠎ᠠ ᠺᠠᠢ᠂ ᠲᠦᠷᠭᠡᠨ ᠬᠦᠷᠭᠡᠭᠴᠢ᠂ ᠲᠦᠷᠢᠶᠡᠰᠦᠨ ᠮᠠᠰᠢᠨ ᠲᠡᠷᠭᠡᠨ ᠤ | ᠵᠢᠯᠣᠭᠤᠴᠢ ᠵᠡᠷᠭᠡ ᠬᠠᠮᠲᠤᠯᠢᠭ᠂ ᠰᠡᠷᠢᠭᠦᠨ ᠤᠮᠳᠠᠭᠠᠨ᠂ ᠵᠤᠨ ᠤ ᠪᠠᠭᠤᠷᠠᠯᠲᠠ ᠶᠢᠨ ᠦᠢᠯᠡᠳᠬᠦᠨ ᠢ ᠰᠦᠢᠳᠬᠡᠯ | ᠬᠤᠷᠢᠶᠠᠬᠤ ᠦᠭᠡᠢ ᠪᠠᠷ ᠬᠠᠩᠭᠠᠵᠤ᠂ ᠲᠡᠳᠡᠨ ᠳᠤ ᠬᠠᠶᠢᠷ᠎ᠠ ᠬᠠᠯᠠᠮᠵᠢ ᠬᠦᠷᠭᠡᠵᠦ᠂ ᠲᠡᠳᠡᠨ ᠳᠤ ᠨᠠᠮ ᠪᠠ ᠵᠠᠰᠠᠭ ᠤᠨ | ᠣᠷᠳᠣᠨ ᠤ ᠬᠠᠶᠢᠷ᠎ᠠ ᠬᠠᠯᠠᠮᠵᠢ ᠶᠢ ᠬᠦᠷᠲᠡᠭᠡᠵᠦ᠂ ᠲᠡᠳᠡᠨ ᠤ ᠬᠠᠷᠢᠶᠠᠯᠠᠭᠳᠠᠬᠤ ᠰᠡᠳᠬᠢᠯᠭᠡ ᠪᠠ ᠵᠣᠯ ᠵᠢᠷᠭᠠᠯᠲᠤ | ᠲᠥᠷᠥᠭᠳᠡᠯ ᠢ ᠨᠡᠮᠡᠭᠳᠡᠭᠦᠯᠵᠦ᠂ ᠲᠤᠰ ᠤᠳᠠᠭᠠᠨ ᠤ ᠠᠵᠢᠯᠯᠠᠭ᠎ᠠ ᠨᠢᠭᠡ ᠰᠠᠷ᠎ᠠ ᠦᠷᠭᠦᠯᠵᠢᠯᠡᠬᠦ ᠪᠣᠯᠤᠨ᠎ᠠ︾ ᠬᠡᠵᠤ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠨᠠᠮ ᠪᠠ ᠣᠯᠠᠨ ᠲᠦᠮᠡᠨ ᠤ ᠦᠢᠯᠡᠴᠢᠯᠡᠭᠡᠨ ᠤ ᠲᠥᠪ ᠤᠨ | ᠳᠡᠳ᠋ ᠡᠷᠬᠢᠯᠡᠭᠴᠢ ᠭᠡᠷᠡᠯ ᠬᠡᠯᠡᠪᠡ᠃ |