ᠶᠠᠭᠠᠬᠢᠵᠦ ᠬᠡᠪᠲᠡᠪᠡᠯ ᠨᠡᠩ ᠰᠠᠶᠢᠨ ᠠᠮᠠᠷᠠᠵᠦ ᠴᠢᠳᠠᠬᠤ ᠪᠤᠢ︖
ᠨᠡᠶᠢᠲᠡᠯᠡᠭᠰᠡᠨ ᠴᠠᠭ᠄
2024/6/4
   ᠵᠠᠷᠢᠮ ᠦᠶ᠎ᠡ ᠳᠤ᠂ ᠤᠨᠲᠠᠭᠠᠳ ᠰᠡᠷᠢᠬᠦ ᠳᠤ ᠶᠠᠳᠠᠷᠠᠭ᠎ᠠ ᠴᠢᠯᠡᠭᠡ ᠲᠠᠶᠢᠯᠤᠭᠳᠠᠬᠰᠡᠨ ᠦᠭᠡᠢ ᠮᠦᠷᠲᠡᠭᠡᠨ ᠭᠡᠳᠡᠷᠭᠦ ᠪᠠᠨ ᠪᠦᠬᠦ ᠪᠡᠶ᠎ᠡ ᠬᠦᠰᠢᠵᠦ᠂ ᠬᠦᠵᠦᠭᠦᠤ ᠨᠢᠷᠤᠭᠤ ᠡᠪᠡᠳᠳᠡᠭ᠃ ᠡᠨᠡ ᠨᠢ ᠶᠠᠭᠤᠨ ᠠᠴᠠ ᠪᠤᠯᠤᠬᠰᠡᠨ ᠪᠤᠯ︖ ᠡᠯᠢᠭᠡᠳᠡᠵᠦ ᠬᠡᠪᠲᠡᠬᠦ ᠨᠢ ᠨᠢᠷᠤᠭᠤᠨ ᠳᠤ ᠮᠠᠭᠤ ᠵᠠᠷᠢᠮ ᠬᠦᠮᠦᠨ ᠤᠨᠲᠠᠬᠤ ᠠᠴᠠ ᠪᠠᠨ ᠡᠮᠦᠨ᠎ᠡ ᠡᠯᠢᠭᠡᠳᠡᠵᠦ ᠬᠡᠪᠲᠡᠭᠡᠳ ᠨᠤᠮ ᠦᠵᠡᠬᠦ ᠪᠤᠶᠤ ᠭᠠᠷ ᠤᠲᠠᠰᠦ ᠨᠠᠭᠠᠳᠴᠦ᠂ ᠨᠦᠢᠷ ᠬᠦᠷᠪᠡᠯ ᠲᠡᠷᠡ ᠬᠡᠪ ᠢᠶᠠᠷ ᠢᠶᠠᠨ ᠤᠨᠲᠠᠴᠢᠬᠠᠳᠠᠭ᠃ ᠪᠠᠭ᠎ᠠ ᠲᠤᠬᠬᠢᠭᠠᠳ ᠠᠪᠤᠪᠠᠯ ᠴᠦ ᠶᠠᠭᠠᠬᠢᠬᠤᠪ︕ ᠬᠠᠷᠢᠨ ᠰᠦᠨᠢᠵᠢᠨ ᠢᠡᠭᠬᠢᠭᠡᠳ ᠤᠨᠳᠠᠬᠤ ᠶᠤᠮ ᠪᠤᠯ ᠰᠡᠷᠡᠭᠰᠡᠨ ᠤ ᠳᠠᠷᠠᠭ᠎ᠠ ᠬᠦᠵᠦᠭᠦᠦ ᠨᠢᠷᠤᠭᠤ ᠡᠪᠡᠳᠴᠦ ᠮᠡᠳᠡᠨ᠎ᠡ᠃ ᠤᠴᠢᠷ ᠨᠢ ᠡᠯᠢᠭᠡᠳᠡᠵᠦ ᠬᠡᠪᠲᠡᠬᠦ ᠨᠢ ᠰᠡᠭᠡᠷ ᠪᠠ ᠨᠢᠷᠤᠭᠤᠨ ᠤ ᠬᠡᠪ ᠤᠨ ᠪᠠᠶᠢᠳᠠᠯ ᠢ ᠨᠦᠯᠦᠭᠡᠯᠡᠵᠦ᠂ ᠨᠤᠮᠤᠯᠵᠢᠨ ᠬᠡᠯᠪᠡᠷᠢ ᠲᠠᠢ ᠪᠤᠯᠵᠦ᠂ ᠠᠮᠢᠰᠬᠤᠬᠤ ᠳᠤ ᠲᠦᠭᠦᠮ ᠦᠭᠡᠢ ᠪᠤᠯᠬᠤᠷ ᠬᠦᠵᠦᠭᠦᠤ ᠪᠠᠨ ᠪᠠᠰᠠ ᠨᠢᠭᠡ ᠲᠡᠶᠢᠰᠢ ᠪᠠᠨ ᠬᠡᠯᠪᠠᠶᠢᠯᠭᠡᠳᠡᠭ᠃ ᠠᠲᠤᠷᠢᠵᠦ ᠬᠡᠪᠲᠡᠬᠦ ᠨᠢ ᠨᠢᠷᠤᠭᠤᠨ ᠳᠤ ᠮᠠᠭᠤ ᠵᠠᠷᠢᠮ ᠬᠦᠮᠦᠨ ᠳᠠᠭᠠᠷᠠᠬᠰᠠᠭᠠᠷ ᠬᠦᠨᠵᠢᠯᠡ ᠳᠡᠭᠡᠨ ᠰᠢᠷᠭᠤᠵᠦ ᠠᠲᠤᠷᠢᠵᠦ ᠬᠡᠪᠲᠡᠳᠡᠭ᠂ ᠢᠡᠭᠭᠢ᠊ᠵᠦ ᠤᠷᠲᠦ ᠬᠤᠭᠤᠴᠠᠭ᠎ᠠ ᠪᠠᠷ ᠬᠡᠪᠳᠡᠪᠡᠯ ᠨᠢᠷᠤᠭᠤ ᠱᠠᠷᠬᠢᠷᠠᠨ ᠡᠪᠡᠳᠦᠨ᠎ᠡ᠃ ᠤᠴᠢᠷ ᠨᠢ ᠠᠲᠤᠷᠢᠵᠦ ᠬᠡᠪᠲᠡᠬᠦ ᠨᠢ ᠪᠦᠭᠲᠦ᠋ᠢᠭᠰᠡᠨ ᠲᠠᠢ ᠠᠳᠠᠯᠢ ᠪᠠᠶᠢᠵᠦ ᠨᠢᠷᠤᠭᠤ ᠪᠤᠯᠴᠢᠩ ᠪᠦᠷᠢᠮᠦᠰᠦᠨ ᠲᠠᠯᠪᠢᠬᠳᠠᠵᠦ ᠴᠢᠳᠠᠬᠤ ᠦᠭᠡᠢ ᠮᠦᠷᠲᠡᠭᠡᠨ ᠤᠯᠠᠮ ᠴᠢᠯᠡᠭᠡᠷᠬᠡᠵᠦ ᠨᠢᠷᠤᠭᠤ ᠱᠠᠷᠬᠢᠷᠠᠨ ᠡᠪᠡᠳᠳᠡᠭ᠃ ᠲᠡᠭᠡᠪᠡᠯ ᠶᠠᠭᠠᠬᠢᠵᠦ ᠬᠡᠪᠲᠡᠪᠡᠯ ᠵᠤᠬᠢᠬᠤ ᠪᠤᠢ︖ ᠳᠡᠭᠡᠭᠡᠰᠢ ᠬᠠᠷᠠᠵᠦ ᠬᠡᠪᠲᠡᠪᠡᠯ ᠬᠤᠷᠳᠤᠨ ᠤᠨᠲᠠᠳᠠᠭ᠂ ᠳᠡᠭᠡᠭᠰᠢ ᠬᠠᠷᠠᠵᠦ ᠲᠡᠭᠰᠢᠬᠡᠨ ᠬᠡᠪᠲᠡᠪᠡᠯ ᠨᠢᠷᠤᠭᠤ ᠬᠦᠵᠦᠭᠦᠨ ᠤ ᠪᠤᠯᠴᠢᠩ ᠰᠤᠯᠠᠷᠠᠵᠦ᠂ ᠴᠢᠯᠡᠭᠡ ᠲᠠᠶᠢᠯᠤᠭᠳᠠᠨ ᠪᠡᠶ᠎ᠡ ᠰᠡᠳᠬᠢᠯ ᠲᠠᠶᠢᠪᠤᠰᠢᠷᠠᠵᠦ ᠬᠤᠷᠳᠦᠨ ᠤᠨᠲᠠᠵᠤ ᠴᠢᠳᠠᠳᠠᠭ᠃ ᠡᠪᠦᠳᠦᠭ ᠲᠤᠤᠷ᠎ᠠ ᠪᠠᠨ ᠲᠡᠷ᠎ᠡ ᠪᠤᠶᠤ ᠲᠡᠪᠢᠰᠭᠡᠷ ᠲᠠᠯᠪᠢᠵᠦ ᠬᠡᠪᠲᠡᠪᠡᠯ ᠨᠢᠷᠦᠭᠤ ᠪᠠ ᠰᠡᠭᠡᠷ ᠤᠨ ᠡᠷᠡᠭᠦᠯ ᠮᠡᠨᠲᠦ ᠳᠤ ᠠᠰᠢᠬᠲᠠᠢ ᠪᠦᠭᠡᠳ ᠨᠢᠷᠤᠭᠤ ᠡᠪᠡᠳᠬᠦ ᠶᠢ ᠰᠡᠷᠭᠡᠶᠢᠯᠡᠬᠦ ᠪᠤᠶᠤ ᠨᠠᠮᠳᠠᠭᠠᠳᠠᠭ᠂ ᠬᠠᠵᠠᠭᠤᠯᠠᠵᠦ ᠭᠡᠪᠲᠡᠬᠦ ᠳᠡᠭᠡᠨ ᠲᠠᠷ᠎ᠡ ᠶᠢᠨ ᠦᠨᠳᠦᠷ ᠢ ᠨᠢᠳᠤᠷᠭ᠎ᠠ ᠶᠢᠨ ᠬᠢᠷᠢ ᠪᠠᠶᠢᠯᠭᠠᠪᠠᠯ ᠪᠤᠯᠴᠢᠬᠠᠨ᠎ᠡ᠃ ᠬᠡᠲᠦ ᠦᠨᠳᠦᠷ ᠪᠤᠶᠤ ᠬᠡᠲᠦ ᠲᠤᠤᠷ᠎ᠠ ᠲᠡᠷᠡᠯᠡᠬᠦ ᠦᠭᠡᠢ ᠪᠤᠯ ᠰᠠᠶᠢᠨ᠃
 
ᠢᠷᠡᠯᠲᠡ᠄ ᠮᠤᠩᠭᠤᠯ ᠰᠤᠨᠢᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号