ᠰᠢᠳᠦ ᠡᠪᠡᠳᠬᠦ ᠶᠢ ᠵᠤᠭᠰᠤᠭᠠᠬᠤ ᠲᠦᠭᠦᠮ ᠠᠷᠭ᠎ᠠ
ᠨᠡᠶᠢᠲᠡᠯᠡᠭᠰᠡᠨ ᠴᠠᠭ᠄
2024/6/4
   1᠂ ᠲᠦᠭᠦᠬᠡᠢ ᠭᠠ ᠶᠢ ᠨᠢᠮᠭᠡᠨ ᠬᠡᠷᠴᠢᠵᠤ ᠵᠦᠭᠡᠯᠡᠨ ᠭᠠᠯ ᠲᠡᠭᠡᠷ᠎ᠡ ᠪᠠᠭ᠎ᠠ ᠬᠠᠯᠠᠭᠠᠭᠠᠳ ᠡᠪᠡᠳᠴᠦ ᠪᠠᠢᠭ᠎ᠠ ᠰᠢᠳᠦ ᠪᠠᠷ ᠢᠶᠠᠨ ᠵᠠᠭᠤᠪᠠᠯ ᠴᠠᠭ ᠤᠨ ᠲᠠᠷᠠᠭ᠎ᠠ ᠡᠪᠡᠳᠬᠦ ᠨᠢ ᠨᠠᠮᠳᠠᠳᠠᠭ᠃ 2᠂ ᠼᠤᠤ ᠶᠢ ᠪᠠᠭ᠎ᠠ ᠬᠠᠯᠠᠭᠤᠯᠤᠭᠠᠳ ᠪᠦᠯᠢᠶᠡᠨ ᠪᠣᠯᠣᠭᠰᠠᠨ ᠤ ᠲᠠᠷᠠᠭ᠎ᠠ ᠰᠢᠳᠦ ᠪᠠᠨ ᠵᠠᠶᠢᠯᠪᠠᠯ ᠡᠪᠡᠳᠬᠦ ᠨᠢ ᠨᠠᠮᠳᠠᠳᠠᠭ᠃ 3᠂ ᠡᠪᠡᠳᠴᠦ ᠪᠠᠢᠭ᠎ᠠ ᠰᠢᠳᠦᠨ ᠳᠡᠭᠡᠨ ᠮᠦᠬᠦᠯᠢᠭᠲᠦ ᠲᠠᠪᠤᠰᠤ ᠶᠢ ᠵᠠᠭᠤᠪᠠᠯ᠂ ᠲᠡᠷᠡ ᠲᠤᠤᠷ᠎ᠠ ᠨᠢ ᠨᠡᠯᠢᠶᠡᠳ ᠡᠪᠡᠳᠦᠭᠰᠡᠨ ᠴᠦ ᠠᠭᠠᠵᠢᠮ ᠳᠠᠭᠠᠨ ᠬᠤᠤᠷ ᠢ ᠨᠢ ᠲᠠᠷᠤᠵᠤ ᠪᠠᠺᠲ᠋ᠧᠷᠢ ᠶᠢ ᠤᠰᠠᠳᠬᠠᠵᠤ ᠬᠠᠪᠤᠳᠠᠷ ᠢ ᠨᠠᠮᠳᠠᠭᠤᠯᠳᠠᠭ᠃ 4᠂ ᠰᠢᠳᠦ ᠬᠤᠷᠤᠬᠠᠢᠳᠤᠭᠰᠠᠨ ᠠᠴᠠ ᠪᠤᠯᠵᠤ ᠡᠪᠡᠳᠴᠦ ᠪᠠᠢᠪᠠᠯ ᠲᠤᠯᠤᠭᠠᠢ ᠶᠢᠨ ᠤᠷᠤᠢ ᠶᠢᠨ ᠰᠤᠳᠠᠯ ᠪᠤᠶᠤ ᠬᠤᠶᠠᠷ ᠴᠠᠬᠢᠨ ᠤ ᠠᠷᠤ ᠳᠠᠬᠢ ᠰᠤᠳᠠᠯ ᠢ ᠬᠢᠮᠦᠰᠦ ᠪᠠᠷ ᠢᠶᠠᠨ 3 ᠮᠢᠨᠦ᠋ᠲ ᠲᠠᠷᠤᠨ᠎ᠠ᠃ ᠡᠨᠡ ᠮᠡᠳᠦ ᠪᠠᠷ ᠠᠷᠤ ᠠᠷᠤ ᠠᠴᠠ ᠨᠢ 3 ᠤᠳᠠᠭ᠎ᠠ ᠲᠠᠷᠤᠪᠠᠯ ᠡᠪᠡᠳᠬᠦ ᠨᠢ ᠨᠠᠮᠳᠠᠳᠠᠭ᠃ 5᠂ ᠰᠢᠳᠦᠨ ᠤ ᠡᠪᠡᠳᠴᠢᠨ ᠳᠤ ᠭᠠᠭᠴᠠ ᠲᠤᠯᠤᠭᠠᠢ ᠰᠠᠷᠢᠮᠰᠠᠭ ᠢ ᠨᠢᠴᠠᠯᠵᠤ᠂ ᠶᠤᠤᠮᠠᠢ ᠶᠢᠨ ᠭᠤᠯᠢᠷ ᠲᠠᠢ ᠬᠠᠮᠳᠦ ᠰᠢᠩᠭᠡᠨ ᠵᠢᠭᠤᠷᠠᠭᠠᠳ ᠡᠪᠡᠳᠴᠦ ᠪᠠᠢᠭ᠎ᠠ ᠲᠠᠯ᠎ᠠ ᠶᠢᠨ ᠬᠠᠴᠠᠷ ᠲᠡᠭᠡᠷ᠎ᠡ ᠬᠡᠳᠦ ᠤᠳᠠᠭ᠎ᠠ ᠰᠢᠪᠡᠵᠤ ᠨᠠᠭᠠᠪᠠᠯ ᠰᠢᠳᠦ ᠡᠪᠡᠳᠬᠦ ᠨᠢ ᠲᠠᠷᠤᠢ ᠵᠤᠭᠰᠤᠴᠢᠬᠠᠳᠠᠭ᠂ ᠪᠠᠰᠠ ᠠᠷᠢᠬᠢ ᠬᠤᠯᠢᠭᠰᠠᠨ ᠴᠦ ᠪᠤᠯᠤᠨ᠎ᠠ᠃
 
ᠢᠷᠡᠯᠲᠡ᠄ ᠮᠤᠩᠭᠤᠯ ᠰᠤᠨᠢᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号