ᠪᠠᠶᠠᠨᠨᠠᠭᠤᠷ ᠰᠤᠮᠤ ᠦᠶᠡᠷ ᠢ ᠰᠡᠷᠭᠡᠶᠢᠯᠡᠨ ᠭᠠᠩ ᠲᠠᠢ ᠲᠡᠮᠡᠴᠡᠬᠦ ᠠᠵᠢᠯ ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/6/21
   ᠦᠶᠡᠷ ᠢ ᠰᠡᠷᠭᠡᠶᠢᠯᠡᠵᠦ ᠦᠶᠡᠷ ᠲᠠᠢ ᠲᠡᠮᠡᠴᠡᠬᠦ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠵᠦ᠂ ᠬᠡᠲᠦᠷᠡᠮᠡᠬᠡᠢ ᠴᠠᠭ ᠠᠭᠤᠷ ᠤᠨ ᠤᠴᠠᠷᠠᠭᠤᠯᠵᠤ ᠮᠡᠳᠡᠬᠦ ᠭᠠᠮᠰᠢᠭ ᠤᠨ ᠨᠥᠯᠥᠭᠡ ᠶᠢ ᠠᠷᠭᠠᠴᠠᠵᠤ᠂ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠬᠠᠮᠤᠭ ᠤᠨ ᠶᠡᠭᠡ ᠬᠡᠮᠵᠢᠶ᠎ᠡ ᠪᠠᠷ ᠦᠨᠡᠨᠬᠦ ᠪᠠᠲᠤᠯᠠᠬᠤ ᠶᠢᠨ ᠲᠤᠰᠠᠳᠠ᠃ 6 ᠰᠠᠷ᠎ᠠ ᠶᠢᠨ 20 ᠤ ᠡᠳᠦᠷ᠂ ᠪᠠᠶᠠᠨᠨᠠᠭᠤᠷ ᠰᠤᠮᠤ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ ᠤᠨ ᠬᠤᠷᠠᠯ ᠬᠤᠷᠠᠯᠳᠤᠭᠤᠯᠵᠤ᠂ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ ᠢ ᠰᠤᠳᠤᠯᠤᠨ ᠪᠠᠶᠢᠷᠢᠯᠠᠭᠤᠯᠪᠠ᠃ ᠬᠤᠷᠠᠯ ᠢ ᠰᠤᠮᠤᠨ ᠤ ᠨᠠᠮ ᠤᠨ ᠬᠤᠷᠢᠶᠠᠨ ᠤ ᠱᠦᠵᠢ ᠪᠦᠦ ᠶᠠᠨ ᠴᠦᠨ ᠡᠷᠬᠢᠯᠡᠪᠡ᠃    ᠬᠤᠷᠠᠯ ᠠᠴᠠ ᠴᠢᠬᠤᠯᠠᠴᠢᠯᠠᠭᠰᠠᠨ ᠨᠢ᠂ ᠡᠯ᠎ᠡ ᠭᠠᠴᠠᠭ᠎ᠠ᠂ ᠰᠢᠭᠤᠳ ᠬᠠᠷᠢᠶ᠎ᠠ ᠪᠠᠶᠢᠭᠤᠯᠭ᠎ᠠ ᠨᠤᠭᠤᠳ ᠴᠢᠬᠤᠯᠠᠴᠢᠯᠠᠬᠤ ᠬᠡᠮᠵᠢᠶ᠎ᠡ ᠪᠠᠨ ᠳᠡᠭᠡᠭᠰᠢᠯᠡᠭᠦᠯᠵᠦ᠂ ᠪᠠᠴᠢᠮ ᠪᠠᠶᠢᠳᠠᠯ ᠢ ᠠᠷᠭᠠᠴᠠᠬᠤ ᠪᠡᠯᠡᠳᠬᠡᠯ ᠢ ᠭᠦᠢᠴᠡᠳ ᠰᠠᠶᠢᠲᠤᠷ ᠬᠢᠵᠦ᠂ ᠠᠵᠢᠯᠲᠠᠨ ᠲᠣᠬᠢᠷᠠᠭᠤᠯᠬᠤ ᠪᠠ ᠦᠶᠡᠷ ᠢ ᠰᠡᠷᠭᠡᠶᠢᠯᠡᠬᠦ ᠡᠳ᠋ ᠪᠣᠳᠠᠰ ᠤᠨ ᠨᠥᠭᠡᠴᠡᠯᠡᠯᠲᠡ ᠶᠢ ᠵᠣᠬᠢᠴᠠᠭᠤᠯᠤᠨ ᠨᠢᠭᠡᠳᠦᠯᠲᠡᠢ ᠲᠥᠯᠥᠪᠵᠢᠭᠦᠯᠵᠦ᠂ ᠭᠠᠴᠠᠭᠠᠨ ᠤ ᠮᠠᠯᠴᠢᠨ ᠲᠠᠷᠢᠶᠠᠴᠢᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠲᠡᠷᠢᠭᠦᠨ ᠪᠠᠶᠢᠷᠢᠨ ᠳᠤ ᠲᠠᠯᠪᠢᠬᠤ ᠬᠡᠷᠡᠭᠲᠡᠢ᠃    ᠬᠤᠷᠠᠯ ᠠᠴᠠ ᠱᠠᠭᠠᠷᠳᠠᠭᠰᠠᠨ ᠨᠢ᠂ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠪᠠᠴᠢᠮ ᠪᠠᠶᠢᠳᠠᠯ ᠢ ᠠᠷᠭᠠᠴᠠᠭᠠᠬᠤ ᠵᠢᠵᠢᠭᠦᠷᠯᠡᠨ ᠰᠠᠬᠢᠬᠤ ᠠᠵᠢᠯ ᠢ ᠰᠠᠶᠢᠲᠤᠷ ᠬᠢᠵᠦ᠂ ᠪᠤᠢ ᠪᠦᠬᠦᠢ ᠠᠵᠢᠯᠲᠠᠳ 24 ᠴᠠᠭ ᠢᠶᠠᠷ ᠵᠠᠷᠯᠢᠭ ᠬᠦᠯᠢᠶᠡᠵᠦ᠂ ᠭᠡᠨᠡᠳᠲᠡ ᠶᠢᠨ ᠠᠶᠤᠯ ᠡᠭᠦᠰᠬᠦ ᠦᠶ᠎ᠡ ᠳᠤ ᠲᠡᠷᠡ ᠳᠠᠷᠤᠢ ᠳᠤᠨᠢ ᠲᠤᠰᠬᠠᠯ ᠭᠠᠷᠬᠤ ᠶᠢ ᠪᠠᠲᠤᠯᠠᠬᠤ ᠬᠡᠷᠡᠭᠲᠡᠢ᠃ ᠡᠯ᠎ᠡ ᠭᠠᠴᠠᠭ᠎ᠠ ᠦᠶᠡᠷ ᠢ ᠰᠡᠷᠭᠡᠶᠢᠯᠡᠬᠦ ᠪᠠᠴᠢᠮ ᠪᠠᠶᠢᠳᠠᠯ ᠢ ᠠᠷᠭᠠᠴᠠᠬᠤ ᠪᠡᠯᠡᠳᠬᠡᠯ ᠢ ᠰᠠᠶᠢᠲᠤᠷ ᠬᠢᠵᠦ᠂ ᠦᠶᠡᠷ ᠢ ᠰᠡᠷᠭᠡᠶᠢᠯᠡᠬᠦ ᠡᠳ᠋ ᠪᠣᠳᠠᠰ ᠢ ᠤᠷᠢᠳᠴᠢᠯᠠᠨ ᠰᠠᠶᠢᠲᠤᠷ ᠪᠡᠯᠡᠳᠬᠡᠵᠦ᠂ ᠦᠶᠡᠷ ᠤᠨ ᠪᠠᠶᠢᠳᠠᠯ ᠤᠨ ᠳᠠᠯᠳᠠ ᠭᠡᠮ ᠭᠠᠷᠴᠤ ᠮᠡᠳᠡᠬᠦ ᠭᠤᠣᠯ ᠤᠨ ᠵᠠᠮ᠂ ᠭᠤᠤ ᠰᠤᠪᠠᠭ ᠵᠡᠷᠭᠡ ᠭᠠᠵᠠᠷ ᠤᠨ ᠠᠶᠤᠯ ᠢ ᠠᠷᠢᠯᠭᠠᠨ ᠪᠠᠬᠢᠵᠢᠭᠦᠯᠬᠦ ᠶᠢᠨ ᠬᠠᠮᠲᠤ ᠭᠠᠴᠠᠭᠠᠨ ᠤ ᠮᠠᠯᠴᠢᠨ ᠲᠠᠷᠢᠶᠠᠴᠢᠨ ᠳᠤ ᠠᠮᠤᠷ ᠲᠦᠪᠰᠢᠨ ᠤ ᠰᠡᠷᠭᠡᠶᠢᠯᠡᠯᠲᠡ ᠶᠢ ᠰᠠᠶᠢᠲᠤᠷ ᠬᠢᠵᠦ᠂ ᠦᠢᠯᠡᠳᠪᠦᠷᠢᠯᠡᠯ ᠠᠮᠢᠳᠤᠷᠠᠯ ᠤᠨ ᠬᠤᠬᠢᠷᠠᠯ ᠢ ᠪᠠᠭᠠᠰᠬᠠᠬᠤ ᠬᠡᠷᠡᠭᠲᠡᠢ ᠭᠡᠵᠦ ᠰᠠᠨᠠᠭᠤᠯᠪᠠ᠃ ᠰᠤᠮᠤᠨ ᠤ ᠡᠷᠡᠭᠦᠯ ᠬᠠᠮᠠᠭᠠᠯᠠᠯ ᠤᠨ ᠬᠤᠷᠢ᠊ ᠡᠶ᠎ᠡ ᠭᠡᠨᠡᠳᠲᠡ ᠶᠢᠨ ᠬᠡᠷᠡᠭ ᠢ ᠠᠷᠭᠠᠴᠠᠭᠠᠬᠤ ᠪᠡᠯᠡᠳᠬᠡᠯ ᠢ ᠰᠠᠶᠢᠲᠤᠷ ᠬᠢᠵᠦ᠂ ᠡᠮᠴᠢ ᠰᠤᠪᠢᠯᠠᠭᠴᠢ ᠶᠢᠨ ᠬᠦᠴᠦᠨ ᠭᠦᠢᠴᠡᠳ ᠪᠠᠶᠢᠬᠤ ᠶᠢ ᠦᠨᠡᠨ ᠬᠦ ᠪᠠᠲᠤᠯᠠᠵᠤ᠂ ᠬᠠᠷᠢᠶᠠᠲᠤ ᠣᠷᠣᠨ ᠤ ᠮᠠᠯᠴᠢᠨ ᠲᠠᠷᠢᠶᠠᠴᠢᠨ ᠤ ᠠᠮᠢ ᠨᠠᠰᠤᠨ ᠤ ᠠᠮᠤᠷ ᠲᠦᠪᠰᠢᠨ ᠢ ᠪᠦᠬᠦ ᠬᠦᠴᠦᠨ ᠢᠶᠠᠷ ᠢᠶᠠᠨ ᠪᠠᠲᠤᠯᠠᠬᠤ ᠬᠡᠷᠡᠭᠲᠡᠢ᠃ ᠰᠤᠮᠤᠨ ᠤ ᠭᠤᠣᠯ ᠰᠤᠷᠭᠠᠭᠤᠯᠢ ᠨᠤᠭᠤᠳ ᠪᠣᠳᠠᠲᠤ ᠪᠠᠶᠢᠳᠠᠯ ᠢᠶᠠᠨ ᠦᠨᠳᠦᠰᠦᠯᠡᠨ᠂ ᠰᠤᠷᠤᠭᠴᠢᠳ ᠤᠨ ᠴᠢᠯᠥᠭᠡ ᠲᠠᠯᠪᠢᠵᠤ ᠭᠡᠷ ᠲᠤ ᠪᠠᠨ ᠪᠤᠴᠠᠬᠤ ᠶᠠᠪᠤᠳᠠᠯ ᠢ ᠵᠦᠢ ᠵᠣᠬᠢᠰᠲᠠᠢ ᠲᠣᠬᠢᠷᠠᠭᠤᠯᠬᠤ ᠬᠡᠷᠡᠭᠲᠡᠢ᠃    ᠬᠤᠷᠠᠯ ᠤᠨ ᠳᠠᠷᠠᠭ᠎ᠠ᠂ ᠰᠤᠮᠤᠨ ᠤ ᠨᠠᠮ ᠵᠠᠰᠠᠭ ᠤᠨ ᠪᠠᠭ ᠤᠨ ᠪᠦᠷᠢᠯᠳᠦᠬᠦᠨ ᠨᠡᠷ ᠥᠪᠡᠷ ᠥᠪᠡᠷ ᠤᠨ ᠳᠠᠭᠠᠭᠠᠴᠢᠯᠠᠭᠰᠠᠨ ᠭᠠᠴᠠᠭ᠎ᠠ ᠳᠠᠭᠠᠨ ᠬᠦᠷᠴᠦ ᠭᠠᠴᠠᠭᠠᠨ ᠤ ᠬᠤᠶᠠᠷ ᠵᠥᠪᠯᠡᠯ᠂ ᠨᠠᠮ ᠤᠨ ᠭᠡᠰᠢᠭᠦᠨ ᠲᠠᠢ ᠬᠠᠮᠲᠤ ᠪᠠᠷ ᠦᠶᠡᠷ ᠢ ᠰᠡᠷᠭᠡᠶᠢᠯᠡᠬᠦ ᠡᠳ᠋ ᠪᠣᠳᠠᠰ ᠤᠨ ᠨᠥᠭᠡᠴᠡᠯᠡᠯᠲᠡ ᠪᠠᠷ ᠭᠤᠣᠯ ᠴᠠᠭᠳᠠᠬᠤ ᠠᠵᠢᠯ ᠢ ᠥᠷᠨᠢᠭᠦᠯᠪᠡ᠃ ᠡᠯ᠎ᠡ ᠭᠠᠴᠠᠭ᠎ᠠ ᠶᠢ ᠰᠢᠮᠳᠠᠭᠤᠯᠵᠤ ᠪᠠᠶᠢᠭᠠᠳ ᠵᠣᠬᠢᠴᠠᠩᠭᠤᠢ ᠪᠦᠬᠦᠢ ᠡᠳ᠋ ᠪᠣᠳᠠᠰ ᠢ ᠰᠠᠶᠢᠲᠤᠷ ᠪᠡᠯᠡᠳᠬᠡᠵᠦ᠂ ᠬᠥᠮᠦᠨ ᠪᠠ ᠲᠡᠷᠭᠡ ᠬᠥᠰᠬᠡ ᠶᠢ ᠵᠣᠬᠢᠶᠠᠨ ᠪᠠᠶᠢᠭᠤᠯᠤᠨ ᠠᠮᠤᠷ ᠲᠦᠪᠰᠢᠨ ᠤ ᠳᠠᠯᠳᠠ ᠭᠡᠮ ᠣᠷᠣᠰᠢᠵᠤ ᠪᠠᠶᠢᠭ᠎ᠠ ᠭᠤᠣᠯ ᠤᠨ ᠬᠡᠰᠡᠭ᠂ ᠠᠷᠭ᠎ᠠ ᠵᠠᠮ ᠤᠨ ᠠᠶᠤᠯ ᠢ ᠠᠷᠢᠯᠭᠠᠨ ᠪᠠᠬᠢᠵᠢᠭᠦᠯᠬᠦ ᠬᠡᠷᠡᠭᠲᠡᠢ᠃
 
ᠢᠷᠡᠯᠲᠡ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号