ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠢ ᠭᠡᠳᠦ ᠠᠷᠪᠢᠨ ᠢᠳᠡᠪᠡᠯ ᠪᠡᠶ᠎ᠡ ᠶᠢᠨ ᠳᠣᠲᠣᠭᠠᠳᠤ ᠶᠢᠨ ︽ | ᠮᠠᠭᠤ ᠰᠥᠰᠥᠨ ᠤ ᠭᠤᠨᠠᠨ ᠠᠯᠺᠤᠤᠯ︾ ᠤᠨ ᠲᠦᠪᠰᠢᠨ ᠢ ᠳᠡᠭᠡᠭᠰᠢᠯᠡᠬᠦᠯᠵᠦ᠂ ︽ᠰᠠᠶᠢᠨ ᠰᠥᠰᠥᠨ ᠤ ᠭᠤᠨᠠᠨ | ᠠᠯᠺᠤᠤᠯ︾ ᠤᠨ ᠲᠦᠪᠰᠢᠨ ᠢ ᠳᠣᠷᠣᠭᠰᠢᠯᠠᠭᠤᠯᠵᠤ᠂ ᠡᠭᠦᠨ ᠤ ᠤᠯᠠᠮ ᠠᠴᠠ ᠯᠤᠭᠰᠢᠭᠤᠨ ᠰᠤᠳᠠᠯ ᠤᠨ ᠥᠭᠡᠬᠦᠵᠢᠨ | ᠬᠠᠲᠠᠭᠤᠷᠠᠬᠤ᠂ ᠵᠢᠷᠦᠬᠡ ᠴᠢᠰᠤᠨ ᠰᠤᠳᠠᠯ ᠤᠨ ᠡᠪᠡᠳᠴᠢᠨ᠂ ᠵᠢᠷᠦᠬᠡᠨ ᠲᠢᠲᠢᠮ ᠤᠨ ᠡᠪᠡᠳᠴᠢᠨ᠂ ᠵᠢᠷᠦᠬᠡᠨ | ᠪᠤᠯᠴᠢᠩ ᠤᠨ ᠲᠦᠭᠵᠢᠷᠡᠯ ᠪᠠ ᠵᠢᠷᠦᠬᠡᠨ ᠴᠢᠨᠠᠷᠲᠠᠢ ᠭᠡᠨᠡᠳᠲᠡ ᠦᠬᠦᠬᠦ ᠠᠶᠤᠯ ᠢ ᠨᠡᠮᠡᠭᠳᠡᠭᠦᠯᠦᠨ᠎ᠡ᠃ ᠡᠶᠢᠮᠦ ᠠᠴᠠ ︽ | ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ ᠳᠤ᠂ ᠡᠳᠦᠷ | ᠪᠦᠷᠢ ᠶᠢᠨ ᠳᠠᠰᠢᠭᠤ ᠥᠭᠡᠬᠦᠨ ᠬᠦᠴᠢᠯ ᠤᠨ ᠬᠡᠮᠵᠢᠶ᠎ᠡ ᠨᠢ 2 ᠭᠷᠡᠮ ᠠᠴᠠ ᠬᠡᠲᠦᠷᠡᠵᠦ ᠪᠤᠯᠬᠤ ᠦᠭᠡᠢ ᠭᠡᠵᠦ | ᠰᠠᠨᠠᠭᠤᠯᠤᠭᠰᠠᠨ ᠪᠠᠶᠢᠨ᠎ᠠ᠃ ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠳᠤ ᠪᠢᠩᠭᠠᠨ᠂ ᠪᠤᠭᠤᠷᠰᠤᠬ᠂ | ᠳᠤᠰᠤᠨ ᠳᠤ ᠪᠤᠴᠠᠯᠭᠠᠭᠰᠠᠨ ᠪᠣᠣᠪᠤ᠂ ᠬᠥᠭᠡᠯᠭᠡᠭᠰᠡᠨ ᠢᠳᠡᠭᠡᠨ᠂ ᠺᠤᠹᠤ ᠶᠢᠨ ᠬᠤᠯᠢᠮᠠᠭ᠂ ᠲᠦᠬᠦᠮ ᠭᠤᠯᠢᠷ᠂ | ᠲᠦᠷᠭᠡᠨ ᠬᠥᠯᠳᠡᠭᠡᠭᠰᠡᠨ ᠢᠳᠡᠭᠡᠨ᠂ ᠰᠢᠬᠢᠷᠯᠢᠭ ᠰᠦ ᠲᠠᠢ ᠴᠠᠢ ᠵᠡᠷᠭᠡ ᠪᠠᠭᠲᠠᠳᠠᠭ᠃ ᠳᠠᠰᠢᠭᠤ ᠥᠭᠡᠬᠦᠨ ᠬᠦᠴᠢᠯ | ᠠᠭᠤᠯᠤᠭᠰᠠᠨ ᠢᠳᠡᠭᠡᠨ ᠠᠴᠠ ᠵᠠᠶᠢᠯᠠᠶ᠎ᠠ ᠭᠡᠪᠡᠯ᠂ ᠬᠤᠳᠠᠯᠳᠤᠨ ᠠᠪᠬᠤ ᠠᠴᠠ ᠪᠠᠨ ᠡᠮᠦᠨ᠎ᠡ ᠪᠣᠭᠤᠳᠠᠯ ᠳᠡᠭᠡᠷᠡᠬᠢ | ᠨᠠᠶᠢᠷᠠᠯᠭ᠎ᠠ ᠶᠢᠨ ᠬᠦᠰᠦᠨᠦᠭᠲᠦ ᠪᠣᠯᠣᠨ ᠰᠢᠮ᠎ᠡ ᠲᠡᠵᠢᠭᠡᠯ ᠤᠨ ᠪᠦᠷᠢᠯᠳᠦᠭᠦᠨ ᠤ ᠬᠦᠰᠦᠨᠦᠭᠲᠦ ᠶᠢ ᠨᠠᠷᠢᠨ ᠬᠢᠨᠠᠮᠠᠭᠠᠢ | ᠦᠵᠡᠭᠡᠷᠡᠢ᠃ ᠨᠠᠶᠢᠷᠠᠯᠭ᠎ᠠ ᠶᠢᠨ ᠬᠦᠰᠦᠨᠦᠭᠲᠦ ᠳᠤ ᠤᠷᠭᠤᠮᠠᠯ ᠤᠨ ᠥᠭᠡᠬᠦ᠂ ᠰᠦᠨ ᠤ ᠤᠬᠢ᠂ ᠬᠡᠦᠷᠰᠢᠭᠦᠯᠬᠦ ᠲᠣᠰᠣ | ᠂ ᠬᠢᠮᠡᠯ ᠵᠥᠭᠡᠬᠡᠢ᠂ ᠬᠢᠮᠡᠯ ᠰᠢᠷ᠎ᠠ ᠲᠣᠰᠣ᠂ ᠤᠰᠤᠳᠦ᠋ᠷᠦᠭᠴᠢᠵᠢᠭᠰᠡᠨ ᠤᠷᠭᠤᠮᠠᠯ ᠤᠨ ᠲᠣᠰᠣ᠂ ᠨᠠᠷᠢᠯᠢᠭ | ᠪᠣᠯᠪᠠᠰᠤᠷᠠᠭᠤᠯᠤᠭᠰᠠᠨ ᠬᠢᠯᠭᠠᠰᠤᠲᠤ ᠮᠣᠳᠣᠨ ᠤ ᠲᠣᠰᠣ᠂ ᠤᠷᠭᠤᠮᠠᠯ ᠤᠨ ᠵᠥᠭᠡᠬᠡᠢ᠂ ᠬᠢᠮᠡᠯ ᠺᠢᠺᠡᠣ᠋ ᠥᠭᠡᠬᠦ᠂ ᠬᠢᠮᠡᠯ | ᠬᠡᠦᠷᠰᠢᠭᠦᠯᠬᠦ ᠲᠣᠰᠣ ᠵᠡᠷᠭᠡ ᠪᠦᠷᠢᠯᠳᠦᠭᠦᠨ ᠪᠠᠶᠢᠪᠠᠯ ᠴᠥᠮ ᠳᠠᠰᠢᠭᠤ ᠥᠭᠡᠬᠦᠨ ᠬᠦᠴᠢᠯ ᠠᠭᠤᠯᠵᠦ ᠮᠡᠳᠡᠨ᠎ᠠ᠃ | ᠭᠡᠪᠡᠴᠦ ᠣᠳᠣᠬᠠᠨ ᠳᠤ ᠣᠯᠠᠩᠬᠢ ᠪᠦᠲᠦᠭᠡᠭᠳᠡᠬᠦᠨ ᠤ ᠰᠢᠮ᠎ᠡ ᠲᠡᠵᠢᠭᠡᠯ ᠤᠨ ᠪᠦᠷᠢᠯᠳᠦᠭᠦᠨ ᠤ ᠬᠦᠰᠦᠨᠦᠭᠲᠦ ᠳᠤ | ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠶᠢ ᠴᠥᠮ ︽0︾ ᠭᠡᠵᠦ ᠬᠠᠳᠠᠵᠦ ᠪᠠᠶᠢᠨ᠎ᠠ᠂ ᠡᠨᠡ ᠨᠢ | ᠢᠳᠡᠭᠡᠨ ᠤ ᠳᠣᠲᠣᠷᠠᠬᠢ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠨᠢ 0.3% ᠠᠴᠠ ᠪᠠᠭ᠎ᠠ ᠪᠤᠯᠬᠤ | ᠦᠶ᠎ᠡ ᠳᠤ᠂ ᠪᠣᠭᠤᠳᠠᠯ ᠳᠡᠭᠡᠷ᠎ᠡ ᠨᠢ ︽0 ᠳᠠᠰᠢᠭᠤ ᠥᠭᠡᠬᠦᠨ ᠬᠦᠴᠢᠯ︾᠂ ︽ᠳᠡᠭ ᠳᠠᠰᠢᠭᠤ ᠥᠭᠡᠬᠦᠨ ᠬᠦᠴᠢᠯ︾ | ᠂ ︽ᠳᠠᠰᠢᠭᠤ ᠥᠭᠡᠬᠦᠨ ᠬᠦᠴᠢᠯ ᠠᠭᠤᠯᠬᠤ ᠦᠭᠡᠢ︾ ᠭᠡᠰᠡᠨ ᠦᠰᠦᠭ ᠢ ᠬᠠᠳᠠᠵᠦ ᠪᠤᠯᠬᠤ ᠠᠴᠠ ᠪᠣᠯᠤᠭᠰᠠᠨ | ᠶᠤᠮ᠃ ᠡᠨᠡ ᠨᠢ ᠵᠦᠪᠭᠡᠨ ᠠᠭᠤᠯᠤᠭᠳᠠᠴᠠ ᠪᠠᠷ ᠳᠣᠣᠷ᠎ᠠ ᠪᠤᠶᠤ ᠪᠠᠶᠢᠬᠤ ᠦᠭᠡᠢ ᠶᠢ ᠯᠠ ᠲᠣᠳᠣᠷᠬᠠᠶᠢᠯᠠᠵᠤ | ᠪᠠᠶᠢᠬᠤ ᠠᠴᠠ ᠪᠢᠰᠢ᠂ ᠤᠬᠳᠦ ᠪᠠᠶᠢᠬᠤ ᠦᠭᠡᠢ ᠭᠡᠰᠡᠨ ᠪᠢᠰᠢ᠃ ᠬᠡᠷᠪᠡ ᠳᠠᠰᠢᠭᠤ ᠥᠭᠡᠬᠦᠨ ᠬᠦᠴᠢᠯ ᠢ | ᠴᠢᠳᠠᠬᠤ ᠶᠢᠨ ᠬᠢᠷᠢ ᠪᠠᠷ ᠪᠠᠭᠠᠰᠬᠠᠶ᠎ᠠ ᠭᠡᠪᠡᠯ ᠬᠠᠰᠢ ᠯᠠ ᠪᠠᠭ᠎ᠠ ᠢᠳᠡᠪᠡᠯ ᠳᠡᠭᠡᠷ᠎ᠡ ᠶᠤᠮ᠃ ᠡᠭᠦᠨ ᠠᠴᠠ ᠭᠠᠳᠠᠨ᠎ᠠ᠂ | ᠤᠷᠭᠤᠮᠠᠯ ᠤᠨ ᠲᠣᠰᠣ ᠶᠢᠨ ᠳᠣᠲᠣᠷ᠎ᠠ ᠪᠠᠰᠠ ᠳᠠᠰᠢᠭᠤ ᠥᠭᠡᠬᠦᠨ ᠬᠦᠴᠢᠯ ᠠᠭᠤᠯᠵᠦ ᠪᠠᠶᠢᠳᠠᠭ᠂ ᠣᠨᠴᠠᠭᠠᠶᠢᠯᠠᠨ | ᠳᠠᠬᠢᠨ ᠳᠠᠪᠲᠠᠨ ᠥᠨᠳᠥᠷ ᠳᠤᠯᠠᠭᠠᠨ ᠢ ᠥᠩᠭᠡᠷᠡᠭᠡᠭᠰᠡᠨ ᠤ ᠳᠠᠷᠠᠭᠠᠬᠢ ᠤᠷᠭᠤᠮᠠᠯ ᠤᠨ ᠳᠤᠰᠤᠨ ᠤ ᠳᠠᠰᠢᠭᠤ | ᠥᠭᠡᠬᠦᠨ ᠬᠦᠴᠢᠯ ᠤᠨ ᠠᠭᠤᠯᠤᠭᠳᠠᠴᠠ ᠨᠢ ᠨᠠᠩ ᠥᠨᠳᠥᠷ ᠪᠠᠶᠢᠳᠠᠭ᠃ ᠡᠶᠢᠮᠦ ᠠᠴᠠ ᠡᠳᠦᠷ ᠳᠤᠳᠤᠮ ᠤᠨ | ᠬᠤᠭᠤᠯᠠ ᠪᠠᠵᠠᠭᠠᠬᠤ ᠳᠠᠭᠠᠨ ᠳᠤᠰᠤᠨ ᠤ ᠬᠡᠮᠵᠢᠶ᠎ᠡ ᠶᠢ 25 ~ 30 ᠭᠷᠡᠮ ᠢᠶᠠᠷ ᠬᠢᠵᠠᠭᠠᠷᠯᠠᠵᠤ᠂ ᠬᠠᠯᠠᠭᠤᠨ | ᠳᠤᠰᠤᠨ ᠳᠤ ᠪᠤᠴᠠᠯᠭᠠᠬᠤ ᠶᠢ ᠪᠠᠭᠠᠰᠬᠠᠬᠤ ᠶᠢᠨ ᠬᠠᠮᠲᠤ ᠲᠣᠰᠣ ᠬᠠᠯᠠᠭᠤᠨ ᠤᠳᠤᠭ᠎ᠠ ᠭᠠᠷᠤᠭᠰᠠᠨ ᠤ ᠳᠠᠷᠠᠭ᠎ᠠ ᠰᠠᠶ᠋ᠢ | ᠡᠬᠢᠯᠡᠵᠦ ᠨᠣᠭᠤᠭ᠎ᠠ ᠬᠠᠭᠤᠷᠬᠤ ᠶᠢ ᠴᠡᠭᠡᠷᠯᠡᠪᠡᠯ ᠵᠣᠬᠢᠨ᠎ᠠ᠃ |