ᠬᠡᠷᠪᠡ ᠲᠠ ᠥᠪᠡᠷ ᠢ ᠪᠠᠨ ᠵᠠᠯᠠᠭᠤ ᠨᠠᠰᠤᠨ ᠳᠤ ᠪᠠᠨ ᠪᠤᠭᠤᠷᠤᠯᠲᠤᠭᠰᠠᠨ ᠴᠣᠷ ᠤᠨ ᠭᠠᠭᠴᠠ ᠬᠦᠮᠦᠨ ᠭᠡᠵᠦ | ᠪᠣᠳᠣᠵᠤ ᠪᠠᠶᠢᠪᠠᠯ ᠠᠳᠡᠭᠦᠷᠡᠯ ᠶᠤᠮ᠃ ᠡᠷᠲᠡ ᠪᠤᠭᠤᠷᠤᠯᠲᠤᠬᠤ ᠨᠢ ᠨᠡᠶᠢᠲᠡᠯᠢᠭ ᠵᠦᠢᠯ ᠪᠥᠭᠡᠳ ᠵᠠᠷᠢᠮ | ᠲᠣᠬᠢᠶᠠᠯᠳᠤᠯ ᠳᠤ ᠲᠣᠳᠣᠷᠬᠠᠢ ᠨᠢᠭᠡᠨ ᠡᠪᠡᠳᠴᠢᠨ ᠤ ᠰᠢᠨᠵᠢ ᠲᠡᠮᠳᠡᠭ ᠪᠠᠶᠢᠵᠤ ᠮᠡᠳᠡᠨ᠎ᠡ᠃ ᠢᠩᠭᠢᠭᠡᠳ ᠲᠠ | ᠪᠦᠬᠦᠨ ᠳᠤ ᠡᠭᠦᠨ ᠤ ᠰᠢᠯᠲᠠᠭᠠᠨ ᠪᠣᠯᠤᠨ ᠬᠡᠷᠬᠢᠨ ᠤᠷᠢᠳᠴᠢᠯᠠᠨ ᠰᠡᠷᠭᠡᠶᠢᠯᠡᠬᠦ ᠲᠠᠯ᠎ᠠ ᠪᠠᠷ ᠵᠦᠪᠯᠡᠯᠭᠡ ᠦᠭᠴᠤ | ᠪᠠᠶᠢᠨ᠎ᠠ᠃ ᠨᠢᠭᠡ᠂ ᠲᠠᠨ ᠳᠤ B12 ᠸᠢᠲ᠋ᠠᠮᠢᠨ ᠳᠤᠲᠠᠭᠳᠠᠭᠰᠠᠨ ᠪᠠᠶᠢᠵᠤ ᠮᠡᠳᠡᠨ᠎ᠡ ᠡᠷᠳᠡᠮᠲᠡᠳ ᠤᠨ ᠦᠵᠡᠬᠦ ᠪᠠᠷ | ᠸᠢᠲ᠋ᠠᠮᠢᠨ B12 ᠲᠤᠲᠠᠭᠳᠠᠬᠤ ᠨᠢ ᠡᠷᠲᠡ ᠪᠤᠭᠤᠷᠤᠯ ᠦᠰᠦ ᠡᠭᠦᠰᠬᠦ ᠬᠠᠮᠤᠭ ᠤᠨ ᠲᠦᠭᠡᠮᠡᠯ ᠰᠢᠯᠲᠠᠭᠠᠨ ᠪᠣᠯᠳᠠᠭ | ᠪᠠᠶᠢᠨ᠎ᠠ᠃ ᠡᠨᠡ ᠨᠢ ᠮᠥᠨ ᠦᠰᠦ ᠤᠨᠠᠬᠤ ᠰᠢᠯᠲᠠᠭᠠᠨ ᠪᠣᠯᠬᠤ ᠮᠠᠭᠠᠳᠯᠠᠯ ᠲᠠᠢ᠃ ᠡᠭᠦᠨ ᠠᠴᠠ ᠵᠠᠶᠢᠯᠠᠰᠬᠢᠬᠦ ᠶᠢᠨ | ᠲᠤᠯᠠᠳᠠ ᠥᠨᠳᠡᠭᠡ᠂ ᠦᠬᠡᠷ ᠤᠨ ᠮᠢᠬ᠎ᠠ᠂ ᠵᠢᠭᠠᠰᠤ ᠵᠡᠷᠭᠡ ᠶᠢ ᠬᠤᠭᠤᠯᠠ ᠬᠦᠨᠡᠰᠦᠨ ᠳᠤ ᠪᠠᠨ ᠵᠠᠪᠠᠯ ᠤᠷᠤᠭᠤᠯᠬᠤ | ᠬᠡᠷᠡᠭᠲᠡᠢ᠃ ᠮᠥᠨ ᠲᠠ B12 ᠢ ᠨᠡᠮᠡᠯᠲᠡ ᠲᠡᠵᠢᠭᠡᠯ ᠪᠣᠯᠭᠠᠨ ᠬᠡᠷᠡᠭᠯᠡᠵᠦ ᠪᠣᠯᠤᠨ᠎ᠠ᠃ ᠬᠤᠶᠠᠷ᠂ ᠪᠠᠮᠪᠠᠢ | ᠪᠤᠯᠴᠢᠷᠬᠠᠢ ᠶᠢᠨ ᠠᠰᠠᠭᠤᠳᠠᠯ ᠪᠠᠶᠢᠵᠤ ᠮᠡᠳᠡᠨ᠎ᠡ ᠰᠤᠳᠤᠯᠭᠠᠨ ᠤ ᠳᠠᠭᠠᠤ ᠲᠠᠨ ᠤ ᠪᠠᠮᠪᠠᠢ ᠪᠤᠯᠴᠢᠷᠬᠠᠢ ᠶᠢᠨ ᠠᠰᠠᠭᠤᠳᠠᠯ | ᠲᠠᠨ ᠤ ᠦᠰᠦᠨ ᠤ ᠰᠠᠪᠠ ᠶᠢ ᠰᠢᠭᠤᠳ ᠨᠥᠯᠦᠭᠡᠯᠡᠳᠡᠭ ᠪᠠᠶᠢᠨ᠎ᠠ᠃ ᠬᠡᠷᠪᠡ ᠲᠠ ᠵᠠᠯᠠᠭᠤ ᠨᠠᠰᠤᠨ ᠳᠤ ᠪᠠᠨ ᠴᠠᠭᠠᠨ | ᠡᠰᠡᠪᠡᠯ ᠬᠡᠪᠡᠷᠡᠭ᠂ ᠲᠣᠰᠣᠯᠢᠭ ᠦᠰᠦ ᠲᠠᠢ ᠪᠣᠯᠤᠭᠰᠠᠨ ᠪᠣᠯ ᠲᠠᠨ ᠤ ᠪᠡᠶ᠎ᠡ ᠶᠢᠨ ᠪᠠᠮᠪᠠᠢ ᠪᠤᠯᠴᠢᠷᠬᠠᠢ ᠶᠢᠨ ᠦᠢᠯᠡ | ᠠᠵᠢᠯᠯᠠᠭᠠᠨ ᠳᠤ ᠠᠰᠠᠭᠤᠳᠠᠯ ᠡᠭᠦᠰᠦᠭᠰᠡᠨ ᠪᠠᠶᠢᠵᠤ ᠪᠣᠯᠬᠤ ᠶᠤᠮ᠃ ᠭᠤᠷᠪᠠ᠂ ᠲᠠ ᠡᠷᠡᠭᠦᠯ ᠬᠤᠭᠤᠯᠠ | ᠬᠦᠨᠡᠰᠦᠨ ᠠᠴᠠ ᠢᠯᠡᠭᠦᠦ ᠲᠦᠷᠭᠡᠨ ᠬᠤᠭᠤᠯᠠ ᠬᠡᠷᠡᠭᠯᠡᠳᠡᠭ ᠬᠠᠴᠢᠷᠬᠠᠯᠲᠠᠢ ᠨᠢ ᠡᠷᠡᠭᠦᠯ ᠬᠤᠭᠤᠯᠠᠨ ᠤ ᠳᠢᠭᠯᠢᠮ ᠢ | ᠦᠯᠦ ᠲᠣᠭᠤᠮᠰᠠᠷᠯᠠᠬᠤ ᠨᠢ ᠮᠥᠨ ᠡᠨᠡ ᠲᠥᠷᠥᠯ ᠤᠨ ᠠᠰᠠᠭᠤᠳᠠᠯ ᠲᠤᠯᠭᠠᠷᠠᠬᠤ ᠳᠤ ᠬᠦᠷᠭᠡᠳᠡᠭ ᠠᠵᠡᠢ᠃ ᠰᠢᠨᠵᠢᠯᠡᠬᠦ | ᠤᠬᠠᠭᠠᠨ ᠤ ᠣᠯᠠᠨ ᠰᠤᠳᠤᠯᠭ᠎ᠠ ᠪᠠᠷ ᠦᠰᠦ ᠪᠤᠭᠤᠷᠤᠯᠲᠤᠬᠤ ᠳᠤ ᠺᠠᠯᠼᠢ᠂ ᠸᠢᠲ᠋ᠠᠮᠢᠨ D-3᠂ ᠵᠡᠰ᠂ ᠴᠠᠶᠢᠷ᠂ | ᠲᠡᠮᠦᠷ ᠤᠨ ᠳᠤᠲᠠᠭᠳᠠᠯ ᠨᠥᠯᠦᠭᠡᠯᠡᠳᠡᠭ ᠪᠠᠶᠢᠨ᠎ᠠ᠃ ᠳᠦᠷᠪᠡ᠂ ᠲᠠ ᠬᠢᠯᠪᠠᠷᠬᠠᠨ ᠰᠠᠨᠠᠭ᠎ᠠ ᠵᠣᠪᠠᠵᠤ᠂ ᠰᠡᠳᠬᠢᠯ ᠤᠨ | ᠳᠠᠷᠤᠯᠲᠠ ᠠᠪᠳᠠᠭ ᠮᠥᠨ ᠵᠠᠯᠠᠭᠤ ᠨᠠᠰᠤᠨ ᠳᠤ ᠦᠰᠦ ᠪᠤᠭᠤᠷᠤᠯᠲᠤᠬᠤ᠂ ᠡᠰᠡᠪᠡᠯ ᠦᠰᠤ ᠬᠠᠯᠵᠠᠷᠠᠬᠤ ᠶᠢ | ᠰᠡᠳᠬᠢᠯ ᠤᠨ ᠳᠠᠷᠤᠯᠲᠠ ᠲᠠᠢ ᠬᠤᠯᠪᠣᠨ ᠲᠠᠶᠢᠯᠪᠤᠷᠢᠯᠠᠳᠠᠭ᠃ ᠤᠳᠠᠭᠠᠨ ᠬᠤᠭᠤᠴᠠᠭᠠᠨ ᠳᠤ ᠰᠡᠳᠬᠢᠯ ᠤᠨ | ᠵᠤᠪᠠᠭᠤᠷᠢ ᠲᠠᠢ᠂ ᠠᠭᠤᠷ ᠪᠤᠬᠢᠨᠢᠳᠤᠯ ᠲᠠᠢ ᠶᠠᠪᠤᠬᠤ ᠨᠢ ᠲᠠᠨ ᠤ ᠦᠰᠦ ᠶᠢ ᠡᠷᠳᠡ ᠪᠤᠭᠤᠷᠤᠯᠳᠤᠭᠤᠯᠳᠠᠭ᠃ ᠲᠠᠪᠤ᠂ | ᠤᠳᠤᠮᠰᠢᠯ ᠲᠠᠨ ᠤ ᠴᠠᠭᠠᠨ ᠦᠰᠦ ᠡᠴᠢᠭᠡ ᠡᠬᠡ᠂ ᠡᠪᠦᠭᠡ ᠡᠮᠡᠭᠡ ᠨᠠᠷ ᠠᠴᠠ ᠪᠠᠨ ᠥᠪᠯᠡᠵᠦ ᠠᠪᠤᠭᠰᠠᠨ ᠤᠳᠤᠮᠰᠢᠯ | ᠪᠠᠶᠢᠵᠤ ᠪᠣᠯᠬᠤ ᠶᠤᠮ᠃ ᠠᠷᠠᠰᠤ ᠰᠤᠳᠤᠯᠤᠭᠠᠴᠢᠳ ᠬᠦᠮᠦᠨ ᠲᠥᠷᠥᠯᠬᠢᠲᠡᠨ ᠤ ᠤᠳᠤᠮᠰᠢᠯ ᠨᠢ ᠬᠡᠵᠢᠶ᠎ᠡ ᠦᠰᠦ | ᠪᠤᠭᠤᠷᠤᠯᠲᠤᠬᠤ ᠶᠢ ᠲᠣᠳᠣᠷᠬᠠᠶᠢᠯᠠᠳᠠᠭ ᠪᠣᠯᠬᠤ ᠶᠢ ᠪᠠᠲᠤᠯᠠᠭᠰᠠᠨ ᠪᠢᠯᠡ᠃ ᠬᠡᠷᠪᠡ ᠲᠠᠨ ᠤ ᠭᠡᠷ ᠪᠦᠯᠢ ᠶᠢᠨ ᠬᠡᠨ | ᠨᠢᠭᠡᠨ ᠡᠷᠲᠡ ᠪᠤᠭᠤᠷᠤᠯ ᠦᠰᠦ ᠲᠠᠢ ᠪᠣᠯᠵᠤ ᠪᠠᠶᠢᠭᠰᠠᠨ ᠪᠣᠯ ᠲᠠᠨ ᠳᠤ ᠡᠭᠦᠨ ᠲᠠᠢ ᠢᠵᠢᠯ ᠵᠦᠢᠯ ᠲᠣᠬᠢᠶᠠᠯᠳᠤᠵᠤ | ᠮᠠᠭᠠᠳ ᠦᠭᠡᠢ ᠶᠤᠮ᠃ ᠵᠢᠷᠭᠤᠭ᠎ᠠ᠂ ᠲᠠ ᠬᠢᠮᠢ ᠶᠢᠨ ᠪᠣᠳᠠᠰ᠂ ᠬᠤᠣᠷᠠᠲᠠᠢ ᠪᠤᠳᠤᠭ ᠲᠠᠢ ᠦᠰᠦᠨ ᠤ | ᠪᠦᠲᠦᠭᠡᠭᠳᠡᠬᠦᠨ ᠬᠡᠷᠡᠭᠯᠡᠭᠰᠡᠨ ᠠᠴᠠ ᠪᠤᠯᠤᠭᠰᠠᠨ ᠪᠠᠶᠢᠵᠤ ᠮᠡᠳᠡᠨ᠎ᠡ ᠦᠰᠦ ᠤᠬᠢᠶᠠᠬᠤ ᠡᠳ᠋ ᠠᠴᠠ ᠦᠰᠦᠨ ᠤ ᠪᠤᠳᠤᠭ | ᠬᠦᠷᠲᠡᠯ᠎ᠡ ᠶᠡᠬᠡᠩᠬᠢ ᠦᠰᠦᠨ ᠤ ᠪᠦᠲᠦᠭᠡᠭᠳᠡᠬᠦᠨ ᠪᠤᠭᠤᠷᠤᠯ ᠦᠰᠦ ᠲᠠᠢ ᠪᠣᠯᠬᠤ ᠳᠤ ᠬᠦᠷᠭᠡᠳᠡᠭ᠃ ᠲᠡᠳᠡᠨ ᠳᠤ | ᠠᠭᠤᠯᠤᠭᠳᠠᠬᠤ ᠬᠤᠣᠷᠠᠲᠠᠢ ᠬᠢᠮᠢ ᠶᠢᠨ ᠪᠣᠳᠠᠰ ᠤᠳ ᠨᠢ ᠬᠠᠷ᠎ᠠ ᠦᠡᠭᠭᠡᠨ ᠡᠳ᠋ ᠤᠨ ᠲᠦᠪᠰᠢᠨ ᠢ ᠪᠠᠭᠤᠷᠠᠭᠤᠯᠵᠤ᠂ | ᠤᠯᠠᠮ ᠢᠶᠠᠷ ᠲᠠᠨ ᠤ ᠦᠰᠦ ᠪᠠᠶᠢᠭᠠᠯᠢ ᠶᠢᠨ ᠥᠩᠭᠡ ᠪᠠᠨ ᠠᠯᠠᠳᠠᠳᠠᠭ ᠪᠠᠶᠢᠨ᠎ᠠ᠃ ᠳᠤᠯᠤᠭ᠎ᠠ᠂ ᠤᠷᠢᠳᠴᠢᠯᠠᠨ | ᠰᠡᠷᠭᠡᠶᠢᠯᠡᠬᠦ ᠶᠢᠨ ᠲᠤᠯᠠᠳᠠ ᠲᠠ ᠶᠠᠭᠤ ᠬᠢᠵᠦ ᠴᠢᠳᠠᠬᠤ ᠪᠤᠢ︖ ᠲᠠᠨ ᠤ ᠦᠰᠦ ᠪᠤᠭᠤᠷᠤᠯᠲᠤᠵᠤ ᠡᠬᠢᠯᠡᠭᠰᠡᠨ ᠯᠠ | ᠪᠣᠯ ᠲᠠᠨ ᠤ ᠦᠰᠦ ᠠᠩᠬᠠᠨ ᠤ ᠥᠩᠭᠡ ᠪᠠᠨ ᠪᠤᠴᠠᠭᠠᠵᠤ ᠤᠯᠬᠤ ᠪᠣᠯᠤᠮᠵᠢ ᠦᠭᠡᠢ ᠪᠣᠯᠤᠨ᠎ᠠ᠃ ᠭᠡᠬᠦ ᠳᠤ ᠪᠠᠨ | ᠡᠬᠢᠨ ᠤ ᠡᠭᠡᠯᠵᠢ ᠳᠤ ᠦᠰᠦ ᠪᠠᠨ ᠪᠤᠭᠤᠷᠤᠯ ᠪᠤᠯᠬᠤ ᠠᠴᠠ ᠰᠡᠷᠭᠡᠶᠢᠯᠡᠬᠦ ᠠᠷᠭ᠎ᠠ ᠬᠡᠮᠵᠢᠶ᠎ᠡ ᠨᠦᠭᠦᠳ ᠢ ᠠᠪᠬᠤ ᠨᠢ | ᠵᠦᠢᠲᠡᠢ ᠶᠤᠮ᠃ ᠡᠭᠦᠨ ᠳᠤ᠄ ᠦᠰᠦ ᠶᠢ ᠨᠠᠷᠠᠨ ᠳᠤ ᠭᠡᠮᠲᠦᠬᠦ ᠠᠴᠠ ᠬᠠᠮᠠᠭᠠᠯᠠᠭᠠᠷᠠᠢ᠃ ᠪᠤᠯᠤᠮᠵᠢ ᠲᠠᠢ ᠪᠤᠯ | ᠭᠠᠳᠠᠭᠰᠢ ᠪᠠᠨ ᠭᠠᠷᠬᠤ ᠪᠦᠷᠢ ᠳᠤ ᠪᠠᠨ ᠲᠣᠯᠣᠭᠠᠢ ᠪᠠᠨ ᠨᠠᠷᠠᠨ ᠤ ᠲᠤᠶᠠᠭᠠᠨ ᠠᠴᠠ ᠬᠠᠯᠬᠠᠯᠠᠵᠤ ᠪᠠᠶᠢᠭᠠᠷᠠᠢ᠃ | ᠦᠰᠦ ᠬᠠᠲᠠᠭᠠᠭᠴᠢ ᠬᠡᠷᠡᠭᠯᠡᠬᠦ ᠠᠴᠠ ᠠᠯᠢ ᠪᠣᠯᠬᠤ ᠵᠠᠶᠢᠯᠠᠰᠬᠢᠬᠤ ᠬᠡᠷᠡᠭᠲᠡᠢ᠃ ᠦᠰᠦᠨ ᠤ ᠲᠣᠮᠣ ᠰᠠᠮ ᠢᠶᠠᠷ | ᠦᠰᠦ ᠪᠠᠨ ᠰᠠᠮᠨᠠᠭᠠᠷᠠᠢ᠃ ᠬᠤᠭᠤᠯᠠ ᠬᠦᠨᠡᠰᠦᠨ ᠳᠤ ᠪᠠᠨ ᠴᠠᠭᠠᠨ ᠨᠤᠭᠤᠭ᠎ᠠ᠂ ᠴᠡᠴᠡᠭᠲᠦ ᠴᠠᠭᠠᠨ ᠨᠤᠭᠤᠭ᠎ᠠ᠂ | ᠨᠠᠷᠭᠢᠯ ᠤᠨ ᠰᠢᠭᠦᠰᠤ᠂ ᠯᠤᠤᠪᠠᠩ ᠤᠨ ᠰᠢᠭᠦᠰᠦ ᠵᠡᠷᠭᠡ ᠶᠢ ᠢᠯᠡᠭᠦᠬᠡᠨ ᠣᠷᠣᠭᠤᠯᠤᠭᠠᠷᠠᠢ᠃ | |